ᠦᠨᠳᠦᠰᠦᠨ ᠬᠠᠤᠯᠢ ᠵᠥᠷᠢᠴᠡᠭᠡ ᠦᠭᠡᠢ ᠪᠠᠶᠢᠨ᠎ᠠ ᠭᠡᠵᠦ  ᠰᠡᠴᠡ ᠳ᠋ᠦᠩᠨᠡᠪᠡ | News.MN

ᠦᠨᠳᠦᠰᠦᠨ ᠬᠠᠤᠯᠢ ᠵᠥᠷᠢᠴᠡᠭᠡ ᠦᠭᠡᠢ ᠪᠠᠶᠢᠨ᠎ᠠ ᠭᠡᠵᠦ  ᠰᠡᠴᠡ ᠳ᠋ᠦᠩᠨᠡᠪᠡ

 

ᠦᠨᠳᠦᠰᠦᠨ ᠬᠠᠤᠯᠢ ᠶᠢᠨ ᠰᠡᠴᠡ ᠶᠢᠨ  2020 ᠣᠨ ᠤ 5 ᠳ᠋ᠤᠭᠠᠷ ᠰᠠᠷ᠎ᠠ ᠶᠢᠨ 06 ᠍ ᠤ ᠡᠳᠦᠷ ᠦᠨ ᠳᠤᠮᠳᠠ ᠰᠠᠭᠤᠳᠠᠯ ᠤᠨ ᠬᠤᠷᠠᠯᠳᠤᠭᠠᠨ ᠢᠶᠠᠷ ︽ᠮᠣᠩᠭᠣᠯ ᠤᠯᠤᠰ ᠤᠨ ᠶᠡᠬᠡ ᠬᠤᠷᠠᠯ ᠤᠨ ᠰᠣᠩᠭᠣᠭᠤᠯᠢ ᠶᠢᠨ ᠲᠤᠬᠠᠢ︾ ᠬᠠᠤᠯᠢ ᠶᠢᠨ ᠬᠤᠯᠪᠤᠭᠳᠠᠬᠤ ᠵᠢᠭᠠᠯᠲᠠ ᠦᠨᠳᠦᠰᠦᠨ ᠬᠠᠤᠯᠢ ᠶᠢᠨ ᠵᠠᠷᠢᠮ ᠵᠢᠭᠠᠯᠲᠠ ᠶᠢ ᠵᠥᠷᠢᠴᠡᠭᠰᠡᠨ ᠡᠰᠡᠬᠦ ᠮᠠᠷᠭᠤᠭᠠᠨ ᠢ ᠬᠢᠨᠠᠨ ᠬᠡᠯᠡᠯᠴᠡᠯ᠎ᠡ᠃

ᠬᠤᠷᠠᠯᠳᠤᠭᠠᠨ ᠠᠴᠠ  ᠲᠤᠰ ᠬᠠᠤᠯᠢ ᠶᠢᠨ 29  ᠳ᠋ᠤᠭᠡᠷ ᠵᠦᠢᠯ ᠦᠨ 29.8 ᠳ᠋ᠡᠬᠢ ᠬᠡᠰᠡᠭ ᠲᠦ ︽ᠠᠪᠯᠢᠭ᠎ᠠ ᠠᠯᠪᠠᠨ ᠲᠤᠰᠢᠶᠠᠯ ᠤᠨ ᠭᠡᠮᠲᠦ ᠬᠡᠷᠡᠭ ᠦᠢᠯᠡᠳᠦᠭᠰᠡᠨ ᠨᠢ ᠰᠢᠭᠦᠬᠦ ᠪᠡᠷ ᠲᠣᠭᠲᠠᠭᠠᠭᠳᠠᠭᠰᠠᠨ ᠪᠣᠯ ᠨᠡᠷ᠎ᠡ ᠳᠡᠪᠰᠢᠬᠦ ᠶᠢ ᠬᠣᠷᠢᠭᠯᠠᠨ᠎ᠠ︾᠂ 32 ᠳ᠋ᠤᠭᠠᠷ ᠵᠦᠢᠯ ᠦᠨ 32.2.9 ᠳ᠋ᠡᠬᠢ ᠵᠢᠭᠠᠯᠲᠠ ᠳᠤ ︽ᠠᠪᠯᠢᠭ᠎ᠠ᠂ ᠠᠯᠪᠠᠨ ᠲᠤᠰᠢᠶᠠᠯ ᠤᠨ ᠭᠡᠮᠲᠦ ᠬᠡᠷᠡᠭ ᠦᠢᠯᠡᠳᠦᠭᠰᠡᠨ ᠭᠡᠮ ᠪᠤᠷᠤᠭᠤ ᠲᠠᠢ ᠳᠤ ᠲᠣᠭᠠᠴᠠᠵᠤ ᠪᠠᠶᠢᠭᠰᠠᠨ ᠡᠰᠡᠬᠦ ᠲᠠᠯᠠᠭᠠᠷᠬᠢ ᠬᠣᠯᠪᠣᠭᠳᠠᠬᠤ ᠪᠠᠶᠢᠭᠤᠯᠤᠯᠭ᠎ᠠ ᠶᠢᠨ ᠯᠠᠪᠯᠠᠯᠭ᠎ᠠ︾ᠭᠡᠰᠡᠨ ᠨᠢ ᠦᠨᠳᠦᠰᠦᠨ ᠬᠠᠤᠯᠢ ᠶᠢᠨ ᠵᠢᠭᠠᠯᠲᠠ ᠶᠢ ᠵᠥᠷᠢᠴᠡᠭᠡ ᠦᠭᠡᠢ ᠪᠠᠶᠢᠨ᠎ᠠ ᠭᠡᠰᠡᠨ ᠳ᠋ᠦᠩᠨᠡᠯᠲᠡ ᠭᠠᠷᠭᠠᠯ᠎ᠠ᠃

ᠰᠡᠳᠬᠢᠭᠳᠡᠯ ᠦᠯᠡᠳᠡᠭᠡᠬᠦ