ᠭᠠᠳᠠᠭᠠᠳᠤ ᠬᠠᠷᠢᠯᠴᠠᠭᠠᠨ ᠤ ᠰᠠᠶᠢᠳ ᠳ ∙ ᠴᠣᠭᠲᠤᠪᠠᠭᠠᠲᠤᠷ ᠬᠢᠲᠠᠳ ᠤᠨ ᠲᠥᠷᠥ ᠶᠢᠨ ᠵᠥᠪᠯᠡᠯ ᠦᠨ ᠭᠡᠰᠢᠭᠦᠨ ᠪᠥᠭᠡᠳ ᠭᠠᠳᠠᠭᠠᠳᠤ ᠬᠡᠷᠡᠭ ᠦᠨ ᠰᠠᠶᠢᠳ ᠸᠠᠩ ᠢ ᠲᠡᠢ ᠥᠨᠥᠳᠥᠷ ᠤᠲᠠᠰᠤ ᠪᠠᠷ ᠶᠠᠷᠢᠪᠠ᠃ ᠰᠠᠶᠢᠳ ᠨᠠᠷ ᠬᠣᠶᠠᠷ ᠤᠯᠤᠰ ᠳᠠᠬᠢ COVID-19 ᠴᠠᠷ᠎ᠠ ᠲᠠᠬᠤᠯ ᠤᠨ ᠨᠥᠬᠥᠴᠡᠯ ᠪᠠᠶᠢᠳᠠᠯ ᠤᠨ ᠲᠠᠯ᠎ᠠ ᠪᠠᠷ ᠮᠡᠳᠡᠭᠡᠯᠡᠯ ᠰᠣᠯᠢᠯᠴᠠᠵᠤ᠂ ᠲᠠᠷᠬᠠᠯᠲᠠ ᠠᠴᠠ ᠤᠷᠢᠳᠴᠢᠯᠠᠨ ᠰᠡᠷᠭᠡᠶᠢᠯᠡᠬᠦ ᠴᠢᠭᠯᠡᠯ ᠳᠦ ᠬᠣᠶᠠᠷ ᠲᠠᠯ᠎ᠠ ᠦᠷ᠎ᠡ ᠳ᠋ᠦᠩ ᠲᠡᠢ ᠬᠠᠮᠲᠤᠷᠠᠨ ᠠᠵᠢᠯᠯᠠᠵᠤ ᠪᠤᠢ ᠳᠤ ᠰᠡᠳᠬᠢᠯ ᠬᠠᠩᠭᠠᠯᠤᠭᠤᠨ ᠪᠤᠢ ᠪᠠᠨ ᠢᠯᠡᠷᠬᠡᠶᠢᠯᠡᠵᠡᠢ᠃ ᠶᠡᠷᠦᠩᠬᠡᠶᠢᠯᠡᠭᠴᠢ ᠬ∙ ᠪᠠᠲᠤᠲᠤᠯᠭ᠎ᠠ ᠶᠢᠨ ᠡᠨᠡ ᠣᠨ ᠤ 2 ᠳ᠋ᠤᠭᠠᠷ ᠰᠠᠷ᠎ᠠ ᠳᠤ ᠬᠢᠲᠠᠳ ᠲᠤ ᠬᠢᠭᠰᠡᠨ ᠠᠶᠢᠯᠴᠢᠯᠠᠯ ᠤᠨ ᠦᠶ᠎ᠡ ᠪᠡᠷ ᠬᠣᠶᠠᠷ ᠤᠯᠤᠰ ᠤᠨ ᠤᠳᠤᠷᠢᠳᠤᠭᠴᠢᠳ ᠤᠨ ᠬᠢᠭᠰᠡᠨ ᠶᠠᠷᠢᠶ᠎ᠠ ᠬᠡᠯᠡᠯᠴᠡᠭᠡ ᠪᠣᠯᠤᠨ ᠠᠷᠠᠳ ᠢᠷᠭᠡᠳ᠂ ᠠᠵᠤ ᠠᠬᠤᠢ ᠶᠢᠨ ᠨᠢᠭᠡᠴᠡ ᠪᠠᠶᠢᠭᠤᠯᠤᠯᠭ᠎ᠠ ᠨᠤᠭᠤᠳ ᠴᠠᠷ᠎ᠠ ᠲᠠᠬᠤᠯ ᠲᠠᠢ ᠲᠡᠮᠡᠴᠡᠬᠦ ᠶᠠᠪᠤᠴᠠ ᠳᠤ ᠬᠠᠷᠢᠯᠴᠠᠨ ᠲᠤᠰᠠᠯᠠᠮᠵᠢ ᠦᠵᠡᠭᠦᠯᠵᠦ ᠪᠤᠢ ᠨᠢ ᠬᠣᠶᠠᠷ ᠠᠷᠠᠳ ᠲᠦᠮᠡᠨ ᠦ ᠨᠠᠶᠢᠷᠰᠠᠭ ᠬᠠᠷᠢᠯᠴᠠᠭ᠎ᠠ᠂ ᠬᠠᠷᠢᠯᠴᠠᠨ ᠣᠶᠢᠯᠠᠭᠠᠯᠴᠠᠯ ᠢ ᠤᠯᠠᠮ ᠭᠦᠨᠵᠡᠭᠡᠶᠢᠷᠡᠭᠦᠯᠦᠭᠰᠡᠨ ᠢ ᠲᠠᠯ᠎ᠠ ᠨᠤᠭᠤᠳ ᠣᠨᠴᠠᠯᠠᠨ ᠲᠡᠮᠳᠡᠭᠯᠡᠭᠰᠡᠨ ᠪᠠᠶᠢᠨ᠎ᠠ᠃
ᠳ∙ᠴᠣᠭᠲᠤᠪᠠᠭᠠᠲᠤᠷ ᠰᠠᠶᠢᠳ ᠠᠷᠠᠳ ᠢᠷᠭᠡᠳ ᠦᠨ ᠡᠷᠡᠭᠦᠯ ᠮᠡᠨᠳᠦ ᠶᠢ ᠬᠠᠮᠠᠭᠠᠯᠠᠬᠤ᠂ ᠸᠢᠷᠦ᠋ᠰ ᠦᠨ ᠲᠠᠷᠬᠠᠯᠲᠠ ᠠᠴᠠ ᠤᠷᠢᠳᠴᠢᠯᠠᠨ ᠰᠡᠷᠭᠡᠶᠢᠯᠡᠬᠦ ᠠᠵᠢᠯ ᠳᠤ ᠤᠷᠢᠳᠤ ᠶᠢᠨ ᠠᠳᠠᠯᠢ ᠥᠨᠳᠥᠷ ᠠᠴᠢ ᠬᠣᠯᠪᠣᠭᠳᠠᠯ ᠥᠭᠬᠦ ᠶᠢᠨ ᠵᠡᠷᠭᠡᠴᠡᠭᠡ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭ᠎ᠠ ᠶᠢ ᠰᠡᠷᠭᠦᠭᠡᠬᠦ ᠳᠦ ᠢᠯᠡᠭᠦᠦ ᠠᠩᠬᠠᠷᠤᠯ ᠬᠠᠨᠳᠤᠭᠤᠯᠵᠤ᠂ ᠠᠯᠳᠠᠭᠳᠠᠭᠰᠠᠨ ᠴᠠᠭ ᠬᠤᠭᠤᠴᠠᠭ᠎ᠠ ᠶᠢ ᠨᠥᠬᠥᠬᠥ ᠵᠠᠷᠴᠢᠮ ᠢᠶᠠᠷ ᠵᠣᠬᠢᠴᠠᠭᠤᠯᠤᠯᠲᠠ ᠶᠢᠨ ᠠᠷᠭ᠎ᠠ ᠬᠡᠮᠵᠢᠶ᠎ᠡ ᠶᠢ ᠠᠪᠴᠤ ᠬᠣᠶᠠᠷ ᠤᠯᠤᠰ ᠤᠨ ᠬᠤᠳᠠᠯᠳᠤᠭᠠᠨ ᠤ ᠡᠷᠭᠢᠯᠲᠡ ᠶᠢ 10 ᠲᠡᠷᠪᠤᠮ ᠳ᠋ᠣᠯᠯᠠᠷ ᠲᠤ ᠬᠦᠷᠭᠡᠬᠦ ᠵᠤᠷᠢᠯᠲᠠ ᠳᠤ ᠬᠦᠷᠬᠦ ᠶᠢᠨ ᠲᠦᠯᠦᠭᠡ ᠢᠳᠡᠪᠬᠢᠲᠡᠢ ᠬᠠᠮᠲᠤᠷᠠᠨ ᠠᠵᠢᠯᠯᠠᠬᠤ ᠰᠠᠨᠠᠯ ᠳᠡᠪᠰᠢᠭᠦᠯᠪᠡ᠃ ᠸᠠᠩ ᠢ ᠤᠭ ᠰᠠᠨᠠᠯ ᠢ ᠳᠡᠮᠵᠢᠵᠦ ᠪᠤᠢ ᠪᠠᠨ ᠢᠯᠡᠷᠬᠡᠶᠢᠯᠡᠵᠦ᠂ ᠬᠠᠮᠲᠤᠷᠠᠨ ᠬᠡᠷᠡᠭᠵᠢᠭᠦᠯᠬᠦ ᠲᠣᠳᠣᠷᠬᠠᠢ ᠠᠷᠭ᠎ᠠ ᠬᠡᠮᠵᠢᠶ᠎ᠡ ᠶᠢ ᠣᠶᠢᠷ᠎ᠠ ᠶᠢᠨ ᠬᠤᠭᠤᠴᠠᠭᠠᠨ ᠳᠤ ᠳᠠᠬᠢᠨ ᠵᠣᠬᠢᠶᠠᠨ ᠪᠠᠶᠢᠭᠤᠯᠬᠤ ᠴᠠᠬᠢᠮ ᠮᠧᠬᠠᠨᠢᠰᠮ ᠤᠨ ᠬᠤᠷᠠᠯ ᠤᠨ ᠦᠶ᠎ᠡ ᠪᠡᠷ ᠨᠠᠷᠢᠪᠴᠢᠯᠠᠨ ᠶᠠᠷᠢᠯᠴᠠᠬᠤ ᠶᠢ ᠰᠠᠨᠠᠯ ᠪᠣᠯᠭᠠᠭᠰᠠᠨ ᠪᠠᠶᠢᠨ᠎ᠠ᠃