ᠬᠤ ᠬᠠᠮᠲᠤᠯᠢᠭ ᠤᠨ ᠬᠢᠨ ᠴᠠᠬᠢᠮ ᠲᠣᠭᠯᠠᠯᠲᠠ ᠬᠢᠨ᠎ᠡ | News.MN

ᠬᠤ ᠬᠠᠮᠲᠤᠯᠢᠭ ᠤᠨ ᠬᠢᠨ ᠴᠠᠬᠢᠮ ᠲᠣᠭᠯᠠᠯᠲᠠ ᠬᠢᠨ᠎ᠡ

ᠺᠤᠷᠤᠨᠠ ᠸᠢᠷᠦ᠋ᠰ ᠦᠨ ᠤᠯᠠᠮ ᠠᠴᠠ ᠠᠦᠢᠰᠲᠷᠠᠯᠢᠶ᠎ᠠ ᠳᠤ ᠰᠠᠭᠠᠳᠠᠭᠠᠳ ᠪᠠᠶᠢᠭᠰᠠᠨ  ᠬᠤ ᠬᠠᠮᠲᠤᠯᠢᠭ ᠤᠨ ᠬᠢᠨ ᠡᠨᠡ ᠰᠠᠷ᠎ᠠ ᠶᠢᠨ 3 ᠍ ᠳᠦ ᠹᠷᠠᠩᠺᠹᠦᠷᠲ – ᠤᠯᠠᠭᠠᠨᠪᠠᠭᠠᠲᠤᠷ ᠴᠢᠭᠯᠡᠯ ᠦᠨ ᠲᠤᠰᠬᠠᠢ ᠨᠢᠰᠦᠯᠭᠡ ᠪᠡᠷ ᠡᠬᠡ ᠣᠷᠣᠨ ᠳᠤ ᠪᠠᠨ ᠢᠷᠡᠭᠰᠡᠨ᠃ ᠲᠤᠰ ᠬᠠᠮᠲᠤᠯᠢᠭ ᠤᠨ ᠬᠢᠨ ᠪᠦᠭᠦᠳᠡ ᠢᠷᠡᠭᠰᠡᠨ ᠪᠥᠭᠡᠳ ᠣᠳᠣ ᠪᠠᠷ︽ᠡᠩᠬᠡ ᠰᠠᠷᠠᠨ︾ᠰᠤᠪᠢᠯᠠᠯ ᠤᠨ ᠭᠠᠵᠠᠷ ᠲᠤ ᠲᠤᠰᠠᠭᠠᠷᠯᠠᠯᠲᠠ ᠳᠤ ᠪᠤᠢ᠃ ᠲᠡᠳᠡ ᠲᠤᠰᠠᠭᠠᠷᠯᠠᠯᠲᠠ ᠶᠢᠨ 21 ᠬᠣᠨᠣᠭ ᠢᠶᠠᠨ ᠳᠠᠭᠤᠰᠬᠠᠭᠠᠳ ᠴᠠᠬᠢᠮ ᠲᠣᠭᠯᠠᠯᠲᠠ ᠵᠣᠬᠢᠶᠠᠨ ᠪᠠᠶᠢᠭᠤᠯᠬᠤ ᠪᠠᠷ ᠪᠣᠯᠵᠠᠢ᠃ ᠡᠯ᠎ᠡ ᠲᠣᠭᠯᠠᠯᠲᠠ ᠶᠢᠨ ᠦᠶ᠎ᠡ ᠪᠡᠷ ᠬᠠᠨᠳᠢᠪ ᠤᠨ ᠠᠶᠠᠨ ᠥᠷᠨᠢᠭᠦᠯᠬᠦ ᠪᠥᠭᠡᠳ ᠤᠯᠤᠰ ᠤᠨ ᠣᠨᠴᠠᠭᠠᠢ ᠺᠣᠮᠢᠰ ᠲᠤ ᠳᠡᠮᠵᠢᠯᠭᠡ ᠦᠵᠡᠭᠦᠯᠬᠦ ᠵᠣᠷᠢᠯᠭ᠎ᠠ ᠲᠠᠢ᠃ ᠲᠤᠰ ᠬᠠᠮᠲᠤᠯᠢᠭ ᠤᠨ ᠫᠷᠣᠳᠢᠶᠦ᠋ᠰᠧᠷ ᠪ∙ᠳᠠᠰᠢᠳᠤᠨᠳᠤᠭ᠄ ᠬᠠᠨᠳᠢᠪ ᠤᠨ ᠲᠣᠭᠯᠠᠯᠲᠠ ᠬᠢᠬᠦ ᠵᠥᠪᠰᠢᠶᠡᠷᠡᠯ ᠢ ᠭᠡᠷ᠎ᠡ ᠲᠡᠢ ᠺᠣᠮᠫᠠᠨᠢ ᠠᠴᠠ ᠪᠠᠨ ᠠᠪᠤᠭᠰᠠᠨ᠃ ᠣᠳᠣ ᠪᠠᠷ ᠴᠠᠬᠢᠮ ᠲᠣᠭᠯᠠᠯᠲᠠ ᠶᠢ ᠬᠡᠷᠬᠢᠨ ᠵᠣᠬᠢᠶᠠᠨ ᠪᠠᠶᠢᠭᠤᠯᠬᠤ ᠲᠠᠯ᠎ᠠ ᠪᠠᠷ ᠠᠯᠪᠠᠨ ᠤ ᠬᠦᠮᠦᠰ ᠲᠡᠢ ᠶᠠᠷᠢᠯᠴᠠᠵᠤ ᠪᠠᠶᠢᠨ᠎ᠠ᠃ ᠲᠣᠭᠯᠠᠯᠲᠠ ᠶᠢᠨ ᠲᠤᠪ ᠢ ᠤᠳᠠᠬᠤ ᠦᠭᠡᠢ ᠵᠠᠷᠯᠠᠨ᠎ᠠ ᠭᠡᠯ᠎ᠡ᠃

ᠰᠡᠳᠬᠢᠭᠳᠡᠯ ᠦᠯᠡᠳᠡᠭᠡᠬᠦ