ᠭᠣᠪᠢ-ᠠᠯᠲᠠᠢ ᠶᠢᠨ ᠨᠣᠮ ᠤᠨ ᠰᠠᠩ ᠴ ∙ ᠯᠣᠳᠤᠶᠢᠳᠠᠮᠪᠠ  ᠲᠠᠩᠬᠢᠮ ᠲᠠᠢ ᠪᠣᠯᠤᠨ᠎ᠠ | News.MN

ᠭᠣᠪᠢ-ᠠᠯᠲᠠᠢ ᠶᠢᠨ ᠨᠣᠮ ᠤᠨ ᠰᠠᠩ ᠴ ∙ ᠯᠣᠳᠤᠶᠢᠳᠠᠮᠪᠠ  ᠲᠠᠩᠬᠢᠮ ᠲᠠᠢ ᠪᠣᠯᠤᠨ᠎ᠠ

ᠭᠣᠪᠢ-ᠠᠯᠲᠠᠢ ᠠᠶᠢᠮᠠᠭ ᠤᠨ ᠨᠡᠶᠢᠲᠡ ᠶᠢᠨ ᠨᠣᠮ ᠤᠨ ᠰᠠᠩ ᠲᠥᠷᠥ ᠨᠡᠶᠢᠭᠡᠮ ᠤᠨ ᠨᠡᠷᠡᠲᠦ ᠵᠢᠳᠬᠦᠯᠲᠡᠨ᠂ ᠲᠥᠷᠥ ᠶᠢᠨ ᠬᠣᠱᠣᠢ ᠱᠠᠩᠨᠠᠯᠲᠤ᠂ ᠡᠷᠳᠡᠮᠲᠡᠨ᠂ ᠵᠣᠬᠢᠶᠠᠯᠴᠢ ᠴ∙ᠯᠣᠳᠤᠶᠢᠳᠠᠮᠪᠠ ᠶᠢᠨ ᠨᠡᠷᠡᠮᠵᠢᠲᠦ ᠲᠠᠩᠬᠢᠮ ᠲᠠᠢ ᠪᠣᠯᠤᠨ᠎ᠠ᠃ ᠤᠭ ᠲᠠᠩᠬᠢᠮ ᠢ ᠲᠡᠭᠦᠨ ᠦ ᠵᠢᠭᠡ ᠥᠬᠢᠨ ᠯ∙ᠡᠩᠬᠡᠨᠠᠰᠤᠨ ᠰᠠᠨᠠᠭᠠᠴᠢᠯᠠᠨ ᠬᠡᠦᠬᠡᠳ ᠪᠠᠭᠠᠴᠤᠳ ᠤᠨ ᠠᠶ᠎ᠠ ᠲᠤᠬ᠎ᠠ ᠶᠢ ᠬᠠᠩᠭᠠᠭᠰᠠᠨ᠂ ᠲᠡᠳᠡᠨ ᠦ ᠴᠢᠯᠦᠭᠡᠲᠡᠢ ᠰᠡᠳᠬᠢᠨ ᠪᠣᠳᠣᠬᠤ᠂ ᠤᠩᠰᠢᠬᠤ ᠴᠢᠳᠠᠪᠤᠷᠢ ᠶᠢ ᠬᠥᠭᠵᠢᠭᠦᠯᠦᠭᠰᠡᠨ ᠨᠣᠮ ᠢᠶᠠᠷ ᠪᠠᠶᠠᠯᠢᠭ᠂ ᠭᠡᠭᠡᠯᠭᠡ ᠲᠠᠩᠬᠢᠮ ᠪᠣᠯᠭᠠᠬᠤ ᠶᠢ ᠵᠣᠷᠢᠵᠤ ᠲᠣᠬᠢᠵᠢᠯᠲᠠ ᠶᠢᠨ ᠠᠵᠢᠯ ᠢ ᠬᠢᠵᠦ ᠪᠠᠶᠢᠨ᠎ᠠ᠃

ᠵᠢᠭᠡ ᠥᠬᠢᠨ ᠯ∙ᠡᠩᠬᠡᠨᠠᠰᠤᠨ᠄ ᠥᠬᠢᠨ ᠨᠢ ᠣᠷᠴᠢᠨ ᠦᠶ᠎ᠡ ᠶᠢᠨ᠂  ᠤᠶᠤᠨᠯᠢᠭ᠂  ᠭᠡᠭᠡᠯᠢᠭ ᠤᠩᠰᠢᠯᠭ᠎ᠠ ᠶᠢᠨ ᠲᠠᠩᠬᠢᠮ ᠲᠣᠬᠢᠵᠢᠭᠤᠯᠤᠨ ᠬᠠᠶᠢᠷᠠᠲᠠᠢ ᠤᠩᠰᠢᠭᠴᠢᠳ ᠲᠤ ᠲᠠᠨᠢ ᠬᠦᠯᠢᠶᠡᠯᠭᠡᠨ ᠥᠭᠭᠦᠨ᠎ᠡ ᠭᠡᠵᠦ ᠠᠮᠠᠯᠠᠨ ᠵᠣᠭᠰᠣᠭᠰᠠᠨ ᠡᠨᠡ ᠮᠥᠴᠡ ᠶᠢ ᠠᠵᠢᠯ ᠬᠡᠷᠡᠭ ᠪᠣᠯᠭᠠᠬᠤ ᠭᠡᠳ ᠭᠦᠶᠦᠵᠦ ᠯᠠ ᠶᠠᠪᠤᠨ᠎ᠠ᠃ ᠮᠡᠳᠡᠭᠡᠵᠢ᠂ ᠡᠨᠡ ᠥᠷᠭᠦᠭᠡᠨ ᠦ ᠬᠣᠶᠢᠮᠣᠷ ᠲᠤ ᠵᠠᠭᠤᠨ ᠤ ᠮᠠᠩᠯᠠᠢ ᠷᠣᠮᠠᠨ︽ᠲᠤᠩᠭᠠᠯᠠᠭ ᠲᠠᠮᠢᠷ︾ ᠵᠠᠯᠠᠭᠳᠠᠬᠤ ᠪᠣᠯᠤᠨ᠎ᠠ᠃ ᠪᠢ ᠴ∙ᠯᠣᠳᠤᠶᠢᠳᠠᠮᠪᠠ ᠶᠢᠨ ᠵᠢᠭᠡ ᠥᠬᠢᠨ ᠰᠢᠦ ᠳ᠋ᠡ᠃ ᠵᠠᠭᠤᠨ ᠤ ᠲᠤᠭᠤᠷᠪᠢᠨ ᠪᠦᠲᠦᠭᠡᠭᠴᠢ ᠡᠪᠦᠭᠡ ᠶᠢᠨ ᠢᠶᠡᠨ 100 ᠨᠠᠰᠤᠨ ᠤ ᠣᠢ ᠶᠢᠨ ᠡᠳᠦᠷ ᠡᠴᠡ ᠡᠬᠢᠯᠡᠨ ᠪᠣᠳᠣᠵᠤ ᠲᠥᠯᠥᠪᠯᠡᠭᠰᠡᠨ᠂ ᠭᠤᠷᠪᠠᠨ ᠵᠢᠯ ᠰᠡᠳᠬᠢᠯ ᠳᠦ ᠪᠡᠨ ᠲᠡᠭᠡᠭᠡᠭᠰᠡᠨ ᠵᠣᠷᠢᠯᠭ᠎ᠠ ᠪᠠᠨ ᠪᠡᠶᠡᠯᠡᠭᠦᠯᠬᠦ ᠪᠣᠯᠤᠮᠵᠢ ᠣᠯᠭᠤᠭᠰᠠᠨ ᠭᠣᠪᠢ-ᠠᠯᠲᠠᠢ ᠠᠶᠢᠮᠠᠭ ᠤᠨ ᠨᠡᠶᠢᠲᠡ ᠶᠢᠨ ᠨᠣᠮ ᠤᠨ ᠰᠠᠩ ᠤᠨ ᠬᠠᠮᠲᠤ ᠤᠯᠠᠨ ᠳᠤ ᠲᠠᠯᠠᠷᠬᠠᠵᠤ ᠪᠠᠶᠢᠨ᠎ᠠ᠃ ᠡᠪᠦᠭᠡ ᠶᠢᠨ ᠢᠶᠡᠨ ᠡᠬᠢᠯᠡᠭᠦᠯᠦᠭᠰᠡᠨ ᠣᠶᠤᠨ ᠤ ᠰᠤᠪᠤᠷᠭ᠎ᠠ ᠶᠢ ᠥᠪᠡᠷ ᠦᠨ ᠴᠢᠳᠠᠯ ᠢᠶᠠᠷ ᠡᠷᠭᠦᠵᠦ ᠶᠠᠪᠤᠬᠤ ᠴᠢᠩ ᠬᠦᠰᠡᠯ ᠨᠠᠳᠠ ᠳᠤ ᠪᠠᠶᠢᠳᠠᠭ ᠶᠤᠮ ᠬᠡᠮᠡᠨ ᠰᠡᠳᠬᠢᠭᠳᠡᠯ ᠢᠶᠡᠨ ᠢᠯᠡᠷᠬᠡᠶᠢᠯᠡᠭᠰᠡᠨ ᠶᠤᠮ᠃

ᠰᠡᠳᠬᠢᠭᠳᠡᠯ ᠦᠯᠡᠳᠡᠭᠡᠬᠦ