ᠮᠠᠨᠰᠤᠷ ᠢᠰᠠᠶ᠋ᠸᠪ᠄ ᠣᠯᠢᠮᠫ ᠤᠨ ᠠᠪᠤᠷᠭᠤ ᠶᠢᠨ ᠠᠯᠳᠠᠷ ᠶᠠᠮᠠᠷ ᠴᠤ ᠮᠥᠩᠭᠥᠨ ᠡᠴᠡ ᠢᠯᠡᠭᠦᠦ | News.MN

ᠮᠠᠨᠰᠤᠷ ᠢᠰᠠᠶ᠋ᠸᠪ᠄ ᠣᠯᠢᠮᠫ ᠤᠨ ᠠᠪᠤᠷᠭᠤ ᠶᠢᠨ ᠠᠯᠳᠠᠷ ᠶᠠᠮᠠᠷ ᠴᠤ ᠮᠥᠩᠭᠥᠨ ᠡᠴᠡ ᠢᠯᠡᠭᠦᠦ

︽ᠯᠣᠨᠳᠣᠨ 2012︾ ᠨᠠᠭᠠᠳᠤᠮ ᠤᠨ ᠵᠢᠦ᠋ᠳᠣ᠋ ᠪᠥᠬᠡ ᠶᠢᠨ 73 ᠺᠢᠯᠦᠭᠷᠡᠮ ᠤᠨ ᠵᠢᠩ ᠳᠦ ᠲᠦᠷᠦᠭᠦᠯᠡᠭᠰᠡᠨ ᠮᠠᠨᠰᠤᠷ ᠢᠰᠠᠶ᠋ᠸᠪ ᠣᠯᠢᠮᠫ ᠤᠨ ᠠᠪᠤᠷᠭᠤ ᠪᠣᠯᠤᠭᠰᠠᠨ ᠲᠣᠷᠭᠠᠨ ᠮᠥᠴᠡ ᠨᠢ ᠬᠠᠭᠤᠴᠢᠷᠠᠭ᠎ᠠ ᠦᠭᠡᠢ ᠪᠠᠶᠢᠬᠤ ᠳᠤ ᠥᠭᠭᠦᠭᠰᠡᠨ ᠨᠢᠭᠡᠨ ᠶᠠᠷᠢᠯᠴᠠᠯᠭ᠎ᠠ ᠶᠢ ᠬᠦᠷᠭᠡᠵᠦ ᠪᠠᠶᠢᠨ᠎ᠠ᠃

– ᠲᠠ ᠣᠯᠢᠮᠫ ᠤᠨ ᠠᠪᠤᠷᠭᠤ ᠪᠣᠯᠤᠯ᠎ᠠ᠃ ᠡᠶᠢᠮᠦ ᠠᠮᠵᠢᠯᠲᠠ ᠭᠠᠷᠭᠠᠭᠰᠠᠨ ᠣᠯᠠᠨ ᠬᠦᠮᠦᠨ ᠲᠠᠮᠢᠷᠴᠢᠨ ᠬᠦᠮᠦᠨ 《ᠥᠭᠡᠷ᠎ᠡ ᠲᠣᠮᠣ ᠵᠣᠷᠢᠯᠭ᠎ᠠ ᠦᠯᠡᠳᠡᠭᠰᠡᠨ ᠦᠭᠡᠢ》 ᠭᠡᠯᠴᠡᠳᠡᠭ︖

– ᠨᠠᠳᠠ ᠳᠤ ᠪᠣᠯ ᠦᠯᠡᠳᠡᠭᠰᠡᠨ᠃ ᠪᠢ ᠧᠦ᠋ᠷᠣᠫᠠ᠂ ᠳᠡᠯᠡᠬᠡᠢ ᠶᠢᠨ ᠠᠪᠤᠷᠭᠤ ᠪᠣᠯᠬᠤ ᠶᠢ ᠦᠷᠭᠦᠯᠵᠢ ᠬᠦᠰᠡᠳᠡᠭ ᠪᠠᠶᠢᠭᠰᠠᠨ᠃ ᠲᠡᠭᠡᠬᠦ ᠪᠡᠷ ᠵᠣᠷᠢᠯᠭ᠎ᠠ ᠪᠠᠨ ᠪᠦᠷᠢᠨ ᠪᠡᠶᠡᠯᠡᠭᠦᠯᠦᠭᠡ ᠦᠭᠡᠢ ᠭᠡᠰᠡᠨ ᠦᠭᠡ᠃ ᠣᠳᠣ ᠪᠣᠯ ᠪᠢ ᠵᠦᠭᠡᠷ ᠯᠠ ᠭᠡᠷ ᠲᠦ ᠪᠡᠨ ᠬᠠᠷᠢᠵᠤ ᠠᠮᠠᠷᠠᠬᠤ ᠶᠢ ᠬᠦᠰᠡᠵᠦ ᠪᠠᠶᠢᠨ᠎ᠠ᠃

– ᠠᠪᠤᠷᠭᠤ ᠶᠢᠨ ᠲᠥᠯᠥᠭᠡ ᠬᠢᠭᠰᠡᠨ ᠪᠠᠷᠢᠯᠳᠤᠭᠠᠨ ᠢᠶᠠᠨ ᠳᠤᠷᠠᠰᠬᠤ ᠦᠭᠡᠢ ᠤᠤ︖

– ᠷᠢᠺᠢᠨᠠᠺᠠᠶ᠎ᠠ ᠮᠠᠰᠢ ᠰᠠᠶᠢᠨ ᠪᠡᠯᠡᠳᠬᠡᠯ ᠲᠡᠢ ᠪᠠᠶᠢᠨ᠎ᠠ ᠯᠠᠢ᠃ ᠭᠡᠬᠦ ᠳᠦ ᠪᠡᠨ ᠪᠠᠷᠢᠯᠳᠤᠭᠠᠨ ᠤ ᠶᠠᠪᠤᠴᠠ ᠳᠤ ᠪᠢ ᠲᠡᠭᠦᠨ ᠦ ᠭᠠᠷ ᠢ ᠬᠥᠰᠢᠬᠦ ᠦᠶ᠎ᠡ ᠳᠦ ᠨᠢᠭᠡ ᠶᠠᠭᠤᠮ᠎ᠠ ᠱᠠᠵᠢᠭᠢᠨᠠᠵᠤ ᠳᠤᠤᠭᠠᠷᠤᠭᠰᠠᠨ ᠶᠤᠮ᠃ ᠳᠠᠷᠠᠭ᠎ᠠ ᠨᠢ ᠬᠡᠪᠲᠡᠭᠡ ᠪᠠᠷᠢᠯᠳᠤᠭᠠᠨ ᠬᠢᠵᠦ ᠪᠠᠶᠢᠬᠤ ᠳᠤ ᠪᠠᠨ ᠲᠡᠭᠦᠨ ᠦ ᠬᠠᠮᠢᠭ᠎ᠠ ᠨᠢ ᠡᠪᠡᠳᠴᠦ ᠪᠠᠶᠢᠭ᠎ᠠ ᠶᠢ ᠣᠯᠵᠤ ᠮᠡᠳᠡᠭᠰᠡᠨ᠃ ᠲᠡᠭᠡᠭᠡᠳ ᠲᠡᠷᠡ ᠭᠠᠷ ᠠᠴᠠ ᠨᠢ ᠪᠠᠷᠢᠬᠤ ᠳᠤ ᠪᠠᠷᠢᠯᠳᠤᠭᠠᠨ ᠨᠠᠳᠠ ᠳᠤ ᠢᠯᠡᠭᠦᠦ ᠠᠮᠠᠷ ᠪᠣᠯᠤᠭᠰᠠᠨ᠃

– ᠶᠡᠷᠦ ᠨᠢ ᠬᠠᠮᠤᠭ ᠤᠨ ᠬᠦᠨᠳᠦ ᠪᠠᠷᠢᠯᠳᠤᠭᠠᠨ ᠢ ᠬᠡᠨ ᠲᠡᠢ ᠬᠢᠭᠰᠡᠨ ᠪᠤᠢ︖

– ᠡᠨᠳᠡ ᠢᠷᠡᠭᠰᠡᠨ ᠵᠢᠦᠳᠤᠴᠢᠳ ᠪᠦᠭᠦᠳᠡ ᠰᠢᠯᠢᠳᠡᠭ᠂ ᠲᠡᠷᠡ ᠨᠢ ᠡᠨᠡ ᠨᠢ ᠭᠡᠵᠦ ᠣᠨᠴᠠᠯᠠᠬᠤ ᠪᠠᠷ ᠦᠭᠡᠢ᠃ ᠵᠢᠱᠢᠶ᠎ᠡ ᠨᠢ᠂ ᠬᠠᠭᠠᠰ ᠰᠢᠭᠰᠢᠭᠡ ᠳᠦ ᠲᠠᠭᠠᠷᠠᠭᠰᠠᠨ ᠰᠣᠯᠣᠩᠭᠣᠰ ᠪᠦᠬᠡ  ᠲᠠᠢ ᠪᠢ ᠣᠯᠢᠮᠫ ᠠᠴᠠ ᠡᠮᠦᠨᠡᠬᠢ ᠲᠡᠮᠡᠴᠡᠭᠡᠨ ᠨᠦᠭᠦᠳ ᠲᠦ ᠵᠢᠷᠭᠤᠭᠠᠨ ᠤᠳᠠᠭ᠎ᠠ ᠪᠠᠷᠢᠯᠳᠤᠭᠠᠳ ᠨᠢᠭᠡ ᠴᠤ ᠢᠯᠠᠵᠤ ᠴᠢᠳᠠᠭ᠎ᠠ ᠦᠭᠡᠢ ᠪᠠᠶᠢᠭᠰᠠᠨ᠃

– ᠣᠳᠣ ᠲᠠ ᠪᠠᠶᠢᠷᠢᠨ ᠳᠤ ᠣᠷᠣᠨ᠎ᠠ᠂ ᠳᠠᠷᠠᠭ᠎ᠠ ᠨᠢ ᠶᠡᠷᠦᠩᠬᠡᠶᠢᠯᠡᠭᠴᠢ ᠲᠡᠢ ᠠᠭᠤᠯᠵᠠᠨ᠎ᠠ᠃ ᠳᠡᠭᠡᠳᠦᠰ ᠦᠨ ᠠᠮᠢᠳᠤᠷᠠᠯ ᠡᠬᠢᠯᠡᠨ᠎ᠡ ᠳ᠋ᠡ᠂ ᠲᠡᠶᠢᠮᠦ ᠦᠦ᠃ ᠠᠷᠰᠧᠨ ᠭᠠᠯᠰᠲ᠋ᠢᠶᠠᠨ 《ᠰᠠᠷ᠎ᠠ ᠶᠢᠨ ᠳᠠᠷᠠᠭ᠎ᠠ ᠯᠠ ᠪᠡᠯᠡᠳᠬᠡᠯ ᠦᠨ ᠲᠠᠩᠬᠢᠮ ᠳᠤ ᠣᠴᠢᠨ᠎ᠠ》 ᠭᠡᠵᠦ ᠬᠡᠯᠡᠭᠰᠡᠨ ᠪᠠᠶᠢᠨ᠎ᠠ  ᠯᠠᠢ︖

– ᠰᠠᠷ᠎ᠠ ᠶᠢᠨ ᠳᠠᠷᠠᠭ᠎ᠠ ᠪᠡᠯᠡᠳᠬᠡᠯ ᠬᠢᠪᠡᠯ ᠰᠤᠷᠤᠭᠰᠠᠨ ᠪᠦᠬᠦ ᠶᠠᠭᠤᠮ᠎ᠠ ᠪᠠᠨ ᠮᠠᠷᠲᠠᠭᠰᠠᠨ ᠪᠠᠶᠢᠬᠤ  ᠪᠠᠢᠯᠭᠦᠢ᠃ ᠳᠡᠭᠡᠳᠦᠰ ᠦᠨ ᠠᠮᠢᠳᠤᠷᠠᠯ ᠡᠳ᠋ᠯᠡᠨ᠎ᠡ ᠭᠡᠵᠤ ᠣᠶᠢᠯᠠᠭᠠᠵᠤ ᠪᠠᠶᠢᠨ᠎ᠠ ᠤᠤ᠂  ᠨᠠᠳᠠ ᠳᠤ ᠣᠳᠣ ᠡᠨᠡ ᠲᠠᠯ᠎ᠠ ᠪᠠᠷ ᠶᠠᠷᠢᠬᠤ ᠵᠠᠪ ᠠᠯᠠᠭ᠎ᠠ᠃ ᠴᠠᠭ ᠤᠨ ᠡᠮᠦᠨ᠎ᠡ ᠯᠠ ᠬᠠᠮᠤᠭ ᠤᠨ ᠰᠡᠭᠦᠯ ᠦᠨ ᠪᠠᠷᠢᠯᠳᠤᠭᠠᠨ ᠢᠶᠠᠨ ᠬᠢᠯ᠎ᠡ ᠰᠢᠦ ᠳ᠋ᠡ᠃

ᠰᠡᠳᠬᠢᠭᠳᠡᠯ ᠦᠯᠡᠳᠡᠭᠡᠬᠦ