︽ᠯᠣᠨᠳᠣᠨ 2012︾ ᠨᠠᠭᠠᠳᠤᠮ ᠤᠨ ᠵᠢᠦ᠋ᠳᠣ᠋ ᠪᠥᠬᠡ ᠶᠢᠨ 73 ᠺᠢᠯᠦᠭᠷᠡᠮ ᠤᠨ ᠵᠢᠩ ᠳᠦ ᠲᠦᠷᠦᠭᠦᠯᠡᠭᠰᠡᠨ ᠮᠠᠨᠰᠤᠷ ᠢᠰᠠᠶ᠋ᠸᠪ ᠣᠯᠢᠮᠫ ᠤᠨ ᠠᠪᠤᠷᠭᠤ ᠪᠣᠯᠤᠭᠰᠠᠨ ᠲᠣᠷᠭᠠᠨ ᠮᠥᠴᠡ ᠨᠢ ᠬᠠᠭᠤᠴᠢᠷᠠᠭ᠎ᠠ ᠦᠭᠡᠢ ᠪᠠᠶᠢᠬᠤ ᠳᠤ ᠥᠭᠭᠦᠭᠰᠡᠨ ᠨᠢᠭᠡᠨ ᠶᠠᠷᠢᠯᠴᠠᠯᠭ᠎ᠠ ᠶᠢ ᠬᠦᠷᠭᠡᠵᠦ ᠪᠠᠶᠢᠨ᠎ᠠ᠃
– ᠲᠠ ᠣᠯᠢᠮᠫ ᠤᠨ ᠠᠪᠤᠷᠭᠤ ᠪᠣᠯᠤᠯ᠎ᠠ᠃ ᠡᠶᠢᠮᠦ ᠠᠮᠵᠢᠯᠲᠠ ᠭᠠᠷᠭᠠᠭᠰᠠᠨ ᠣᠯᠠᠨ ᠬᠦᠮᠦᠨ ᠲᠠᠮᠢᠷᠴᠢᠨ ᠬᠦᠮᠦᠨ 《ᠥᠭᠡᠷ᠎ᠡ ᠲᠣᠮᠣ ᠵᠣᠷᠢᠯᠭ᠎ᠠ ᠦᠯᠡᠳᠡᠭᠰᠡᠨ ᠦᠭᠡᠢ》 ᠭᠡᠯᠴᠡᠳᠡᠭ︖
– ᠨᠠᠳᠠ ᠳᠤ ᠪᠣᠯ ᠦᠯᠡᠳᠡᠭᠰᠡᠨ᠃ ᠪᠢ ᠧᠦ᠋ᠷᠣᠫᠠ᠂ ᠳᠡᠯᠡᠬᠡᠢ ᠶᠢᠨ ᠠᠪᠤᠷᠭᠤ ᠪᠣᠯᠬᠤ ᠶᠢ ᠦᠷᠭᠦᠯᠵᠢ ᠬᠦᠰᠡᠳᠡᠭ ᠪᠠᠶᠢᠭᠰᠠᠨ᠃ ᠲᠡᠭᠡᠬᠦ ᠪᠡᠷ ᠵᠣᠷᠢᠯᠭ᠎ᠠ ᠪᠠᠨ ᠪᠦᠷᠢᠨ ᠪᠡᠶᠡᠯᠡᠭᠦᠯᠦᠭᠡ ᠦᠭᠡᠢ ᠭᠡᠰᠡᠨ ᠦᠭᠡ᠃ ᠣᠳᠣ ᠪᠣᠯ ᠪᠢ ᠵᠦᠭᠡᠷ ᠯᠠ ᠭᠡᠷ ᠲᠦ ᠪᠡᠨ ᠬᠠᠷᠢᠵᠤ ᠠᠮᠠᠷᠠᠬᠤ ᠶᠢ ᠬᠦᠰᠡᠵᠦ ᠪᠠᠶᠢᠨ᠎ᠠ᠃
– ᠠᠪᠤᠷᠭᠤ ᠶᠢᠨ ᠲᠥᠯᠥᠭᠡ ᠬᠢᠭᠰᠡᠨ ᠪᠠᠷᠢᠯᠳᠤᠭᠠᠨ ᠢᠶᠠᠨ ᠳᠤᠷᠠᠰᠬᠤ ᠦᠭᠡᠢ ᠤᠤ︖
– ᠷᠢᠺᠢᠨᠠᠺᠠᠶᠠ ᠮᠠᠰᠢ ᠰᠠᠶᠢᠨ ᠪᠡᠯᠡᠳᠬᠡᠯ ᠲᠡᠢ ᠪᠠᠶᠢᠨ᠎ᠠ ᠯᠠᠢ᠃ ᠭᠡᠬᠦ ᠳᠦ ᠪᠡᠨ ᠪᠠᠷᠢᠯᠳᠤᠭᠠᠨ ᠤ ᠶᠠᠪᠤᠴᠠ ᠳᠤ ᠪᠢ ᠲᠡᠭᠦᠨ ᠦ ᠭᠠᠷ ᠢ ᠬᠥᠰᠢᠬᠦ ᠦᠶ᠎ᠡ ᠳᠦ ᠨᠢᠭᠡ ᠶᠠᠭᠤᠮ᠎ᠠ ᠱᠠᠵᠢᠭᠢᠨᠠᠵᠤ ᠳᠤᠤᠭᠠᠷᠤᠭᠰᠠᠨ ᠶᠤᠮ᠃ ᠳᠠᠷᠠᠭ᠎ᠠ ᠨᠢ ᠬᠡᠪᠲᠡᠭᠡ ᠪᠠᠷᠢᠯᠳᠤᠭᠠᠨ ᠬᠢᠵᠦ ᠪᠠᠶᠢᠬᠤ ᠳᠤ ᠪᠠᠨ ᠲᠡᠭᠦᠨ ᠦ ᠬᠠᠮᠢᠭ᠎ᠠ ᠨᠢ ᠡᠪᠡᠳᠴᠦ ᠪᠠᠶᠢᠭ᠎ᠠ ᠶᠢ ᠣᠯᠵᠤ ᠮᠡᠳᠡᠭᠰᠡᠨ᠃ ᠲᠡᠭᠡᠭᠡᠳ ᠲᠡᠷᠡ ᠭᠠᠷ ᠠᠴᠠ ᠨᠢ ᠪᠠᠷᠢᠬᠤ ᠳᠤ ᠪᠠᠷᠢᠯᠳᠤᠭᠠᠨ ᠨᠠᠳᠠ ᠳᠤ ᠢᠯᠡᠭᠦᠦ ᠠᠮᠠᠷ ᠪᠣᠯᠤᠭᠰᠠᠨ᠃
– ᠶᠡᠷᠦ ᠨᠢ ᠬᠠᠮᠤᠭ ᠤᠨ ᠬᠦᠨᠳᠦ ᠪᠠᠷᠢᠯᠳᠤᠭᠠᠨ ᠢ ᠬᠡᠨ ᠲᠡᠢ ᠬᠢᠭᠰᠡᠨ ᠪᠤᠢ︖
– ᠡᠨᠳᠡ ᠢᠷᠡᠭᠰᠡᠨ ᠵᠢᠦᠳᠤᠴᠢᠳ ᠪᠦᠭᠦᠳᠡ ᠰᠢᠯᠢᠳᠡᠭ᠂ ᠲᠡᠷᠡ ᠨᠢ ᠡᠨᠡ ᠨᠢ ᠭᠡᠵᠦ ᠣᠨᠴᠠᠯᠠᠬᠤ ᠪᠠᠷ ᠦᠭᠡᠢ᠃ ᠵᠢᠱᠢᠶ᠎ᠡ ᠨᠢ᠂ ᠬᠠᠭᠠᠰ ᠰᠢᠭᠰᠢᠭᠡ ᠳᠦ ᠲᠠᠭᠠᠷᠠᠭᠰᠠᠨ ᠰᠣᠯᠣᠩᠭᠣᠰ ᠪᠦᠬᠡ ᠲᠠᠢ ᠪᠢ ᠣᠯᠢᠮᠫ ᠠᠴᠠ ᠡᠮᠦᠨᠡᠬᠢ ᠲᠡᠮᠡᠴᠡᠭᠡᠨ ᠨᠦᠭᠦᠳ ᠲᠦ ᠵᠢᠷᠭᠤᠭᠠᠨ ᠤᠳᠠᠭ᠎ᠠ ᠪᠠᠷᠢᠯᠳᠤᠭᠠᠳ ᠨᠢᠭᠡ ᠴᠤ ᠢᠯᠠᠵᠤ ᠴᠢᠳᠠᠭ᠎ᠠ ᠦᠭᠡᠢ ᠪᠠᠶᠢᠭᠰᠠᠨ᠃
– ᠣᠳᠣ ᠲᠠ ᠪᠠᠶᠢᠷᠢᠨ ᠳᠤ ᠣᠷᠣᠨ᠎ᠠ᠂ ᠳᠠᠷᠠᠭ᠎ᠠ ᠨᠢ ᠶᠡᠷᠦᠩᠬᠡᠶᠢᠯᠡᠭᠴᠢ ᠲᠡᠢ ᠠᠭᠤᠯᠵᠠᠨ᠎ᠠ᠃ ᠳᠡᠭᠡᠳᠦᠰ ᠦᠨ ᠠᠮᠢᠳᠤᠷᠠᠯ ᠡᠬᠢᠯᠡᠨ᠎ᠡ ᠳ᠋ᠡ᠂ ᠲᠡᠶᠢᠮᠦ ᠦᠦ᠃ ᠠᠷᠰᠧᠨ ᠭᠠᠯᠰᠲ᠋ᠢᠶᠠᠨ 《ᠰᠠᠷ᠎ᠠ ᠶᠢᠨ ᠳᠠᠷᠠᠭ᠎ᠠ ᠯᠠ ᠪᠡᠯᠡᠳᠬᠡᠯ ᠦᠨ ᠲᠠᠩᠬᠢᠮ ᠳᠤ ᠣᠴᠢᠨ᠎ᠠ》 ᠭᠡᠵᠦ ᠬᠡᠯᠡᠭᠰᠡᠨ ᠪᠠᠶᠢᠨ᠎ᠠ ᠯᠠᠢ︖
– ᠰᠠᠷ᠎ᠠ ᠶᠢᠨ ᠳᠠᠷᠠᠭ᠎ᠠ ᠪᠡᠯᠡᠳᠬᠡᠯ ᠬᠢᠪᠡᠯ ᠰᠤᠷᠤᠭᠰᠠᠨ ᠪᠦᠬᠦ ᠶᠠᠭᠤᠮ᠎ᠠ ᠪᠠᠨ ᠮᠠᠷᠲᠠᠭᠰᠠᠨ ᠪᠠᠶᠢᠬᠤ ᠪᠠᠢᠯᠭᠦᠢ᠃ ᠳᠡᠭᠡᠳᠦᠰ ᠦᠨ ᠠᠮᠢᠳᠤᠷᠠᠯ ᠡᠳ᠋ᠯᠡᠨ᠎ᠡ ᠭᠡᠵᠤ ᠣᠶᠢᠯᠠᠭᠠᠵᠤ ᠪᠠᠶᠢᠨ᠎ᠠ ᠤᠤ᠂ ᠨᠠᠳᠠ ᠳᠤ ᠣᠳᠣ ᠡᠨᠡ ᠲᠠᠯ᠎ᠠ ᠪᠠᠷ ᠶᠠᠷᠢᠬᠤ ᠵᠠᠪ ᠠᠯᠠᠭ᠎ᠠ᠃ ᠴᠠᠭ ᠤᠨ ᠡᠮᠦᠨ᠎ᠡ ᠯᠠ ᠬᠠᠮᠤᠭ ᠤᠨ ᠰᠡᠭᠦᠯ ᠦᠨ ᠪᠠᠷᠢᠯᠳᠤᠭᠠᠨ ᠢᠶᠠᠨ ᠬᠢᠯ᠎ᠡ ᠰᠢᠦ ᠳ᠋ᠡ᠃