︽ᠪᠸᠯᠭᠠᠷᠠᠳ᠋ ᠵᠣᠴᠢᠳ ᠪᠠᠭᠤᠳᠠᠯ︾ ᠺᠢᠨᠤ᠋ ᠶᠢ ᠦᠵᠡᠭᠡᠷᠡᠢ | News.MN

︽ᠪᠸᠯᠭᠠᠷᠠᠳ᠋ ᠵᠣᠴᠢᠳ ᠪᠠᠭᠤᠳᠠᠯ︾ ᠺᠢᠨᠤ᠋ ᠶᠢ ᠦᠵᠡᠭᠡᠷᠡᠢ

︽ᠡᠯᠢᠶᠤᠨ ᠵᠣᠴᠢᠳ ᠪᠠᠭᠤᠳᠠᠯ︾ ᠴᠤᠪᠤᠷᠠᠯ ᠤᠨ ᠦᠷᠭᠦᠯᠵᠢᠯᠡᠯ ᠪᠣᠯᠬᠤ ︽ ᠪᠸᠯᠭᠠᠷᠠᠳ᠋ ᠵᠣᠴᠢᠳ ᠪᠠᠭᠤᠳᠠᠯ ︾ ᠤᠷᠠᠨ ᠰᠠᠶᠢᠬᠠᠨ ᠤ ᠺᠢᠨᠣ᠋ ᠣᠷᠣᠰ ᠲᠤ 3 ᠳ᠋ᠤᠭᠠᠷ ᠰᠠᠷ᠎ᠠ ᠶ᠋ᠢᠨ 2 ᠳ᠋ᠥ ᠨᠡᠭᠡᠭᠡᠯᠲᠡ ᠪᠡᠨ ᠬᠢᠭᠰᠡᠨ ᠶᠤᠮ᠃ ᠡᠨᠡ ᠬᠠᠪᠤᠷ ᠤᠨ ᠣᠨᠴᠠᠯᠠᠬᠤ ᠺᠢᠨᠣ᠋ ᠨᠡᠭᠡᠭᠡᠯᠲᠡ ᠨᠦᠭᠦᠳ ᠦᠨ ᠨᠢᠭᠡ  ᠪᠤᠯᠤᠭᠰᠠᠨ ᠲᠤᠰ ᠪᠦᠲᠦᠭᠡᠯ ᠮᠠᠨ ᠤ ᠤᠯᠤᠰ ᠤᠨ ᠦᠵᠡᠭᠴᠢᠳ ᠦᠨ ᠬᠦᠷᠲᠡᠭᠡᠯ ᠪᠣᠯᠬᠤ ᠳᠤ ᠪᠡᠯᠡᠨ ᠪᠣᠯᠵᠠᠢ ᠃ ᠺᠢᠨᠣ᠋ ᠶ᠋ᠢᠨ ᠨᠡᠭᠡᠭᠡᠯᠲᠡ ᠬᠥᠯ ᠬᠣᠷᠢᠭᠠᠨ ᠤ ᠦᠶ᠎ᠡ ᠲᠠᠢ ᠳᠠᠪᠬᠤᠴᠠᠭᠰᠠᠨ ᠲᠤᠯᠠ LookTV᠂  ᠳ᠋ᠳ᠋ᠸᠱ TV ᠸᠢᠳᠢᠣ᠋ ᠰᠠᠩ ᠡᠴᠠ ᠬᠦᠰᠡᠭᠰᠡᠨ ᠦᠶ᠎ᠡ ᠳ᠋ᠦ ᠪᠡᠨ ᠬᠦᠯᠢᠶᠡᠨ ᠠᠪᠴᠤ ᠦᠵᠡᠬᠦ ᠪᠣᠯᠣᠮᠵᠢᠲᠠᠢ ᠶᠤᠮ ᠃ ᠲᠤᠰ ᠺᠢᠨᠣ᠋ ᠶ᠋ᠢᠨ ᠭᠣᠣᠯ ᠳᠦᠷᠢ ᠳ᠋ᠦ ᠮᠣᠩᠭᠣᠯ ᠤᠨ ᠦᠵᠡᠭᠴᠢᠳ ᠦᠨ ᠰᠠᠶᠢᠨ ᠲᠠᠨᠢᠯ  ︽ᠫᠠᠱᠠ︾ ᠪᠤᠶᠤ  ᠮᠢᠯᠤᠱ  ᠪᠢᠺᠤᠸᠢᠴ᠂  ︽ᠳ᠋ᠠᠱᠠ︾ ᠪᠤᠶᠤ ᠳ᠋ᠢᠶᠠᠨᠠ ᠫᠤᠵᠠᠷᠰᠺᠠᠶ᠎ᠠ ᠨᠠᠷ ᠲᠣᠭᠯᠠᠵᠤ ᠡᠷᠭᠢᠨ ᠢᠷᠡᠬᠦ ᠶᠤᠮ᠃

ᠣᠷᠣᠰ  ᠤᠨ ᠺᠢᠨᠣ᠋ ᠤᠷᠠᠯᠢᠭ ᠤᠨ ᠲᠡᠦᠬᠡ ᠶ᠋ᠢ ᠰᠢᠨ᠎ᠡ ᠱᠠᠲᠤᠨ ᠳᠤ ᠭᠠᠷᠭᠠᠭᠰᠠᠨ ︽ ᠭᠠᠯ ᠲᠣᠭᠣᠭ᠎ᠠ ︾ ᠴᠤᠪᠤᠷᠠᠯ ᠢ ᠮᠠᠨ ᠤ ᠦᠵᠡᠭᠴᠢᠳ ᠠᠨᠳᠠᠬᠤ ᠦᠭᠡᠢ ᠃ ᠳᠡᠯᠡᠬᠡᠢ ᠨᠡᠶᠢᠲᠡ ᠶ᠋ᠢ ᠪᠠᠶᠢᠯᠳᠤᠨ ᠳᠠᠭᠠᠭᠤᠯᠤᠭᠰᠠᠨ ᠲᠤᠰ ᠴᠤᠪᠤᠷᠠᠯ ᠡᠴᠠ ︽ᠡᠯᠢᠶᠤᠨ ᠵᠣᠴᠢᠳ ᠪᠠᠭᠤᠳᠠᠯ︾ ᠂ ︽ᠭᠷᠠᠨᠳ᠋ ᠵᠣᠴᠢᠳ ᠪᠠᠭᠤᠳᠠᠯ ︾ ᠵᠡᠷᠭᠡ ᠰᠢᠯᠢᠳᠡᠭ ᠪᠦᠲᠦᠭᠡᠯ  ᠤᠳ ᠤᠯᠪᠠᠭᠠᠯᠠᠨ ᠭᠠᠷᠤᠭᠰᠠᠨ ᠶᠤᠮ᠃ ᠡᠨᠡ ᠤᠳᠠᠭ᠎ᠠ ᠳ᠋ᠤ ︽ᠡᠯᠢᠶᠤᠨ ᠵᠣᠴᠢᠳ ᠪᠠᠭᠤᠳᠠᠯ︾  ᠴᠤᠪᠤᠷᠠᠯ ᠤᠨ ᠲᠡᠭᠦᠰᠬᠡᠯ ᠳ᠋ᠥ ᠬᠣᠶᠠᠷ ᠲᠡᠶᠢᠰᠢ ᠪᠣᠯᠣᠭᠰᠠᠨ  ᠫᠠᠱᠠ᠂  ᠳ᠋ᠠᠱᠠ ᠬᠣᠶᠠᠷ ᠳᠥᠷᠪᠡᠨ ᠵᠢᠯ ᠤᠨ ᠳᠠᠷᠠᠭ᠎ᠠ  ᠰᠸᠷᠪᠢ ᠳᠦ ᠰᠠᠨᠠᠮᠰᠠᠷ ᠦᠭᠡᠢ ᠲᠠᠭᠠᠷᠠᠯᠳᠤᠳᠠᠭ ᠪᠠᠶᠢᠨ᠎ᠠ ᠃ ᠬᠠᠷᠢᠨ ᠲᠡᠳᠡᠨ ‍ᠣ ᠬᠠᠶᠢᠷ᠎ᠠ ᠡᠷᠭᠢᠨ ᠰᠡᠷᠭᠦᠬᠦ ᠪᠣᠯᠪᠠ ‍ᠦᠦ ︖ ᠭᠡᠰᠡᠨ ᠠᠰᠠᠭᠤᠯᠲᠠ ᠶ᠋ᠢᠨ ᠬᠠᠷᠢᠭᠤᠯᠲᠠ ᠶ᠋ᠢ 5 ᠳ᠋ᠤᠭᠠᠷ ᠰᠠᠷ᠎ᠠ ᠶ᠋ᠢᠨ 2 ᠡᠴᠠ ᠦᠵᠡᠬᠦ ᠪᠣᠯᠣᠮᠵᠢᠲᠠᠢ ᠪᠣᠯᠣᠯ᠎ᠠ ᠃

ᠰᠡᠳᠬᠢᠭᠳᠡᠯ ᠦᠯᠡᠳᠡᠭᠡᠬᠦ