ᠬᠥᠯ ᠪᠥᠮᠪᠥᠭᠡᠴᠢᠳ ᠦᠨ ᠶᠡᠬᠡᠩᠬᠢ ᠨᠢ 100  ᠺᠦᠸᠠᠳ᠋ ᠮᠸᠲᠷ ᠦᠨ ᠣᠷᠣᠨ ᠰᠠᠭᠤᠴᠠᠨ ᠳᠦ ᠠᠮᠢᠳᠤᠷᠠᠳᠠᠭ | News.MN

ᠬᠥᠯ ᠪᠥᠮᠪᠥᠭᠡᠴᠢᠳ ᠦᠨ ᠶᠡᠬᠡᠩᠬᠢ ᠨᠢ 100  ᠺᠦᠸᠠᠳ᠋ ᠮᠸᠲᠷ ᠦᠨ ᠣᠷᠣᠨ ᠰᠠᠭᠤᠴᠠᠨ ᠳᠦ ᠠᠮᠢᠳᠤᠷᠠᠳᠠᠭ

ᠢᠰᠫᠠᠨᠢ ᠶ᠋ᠢᠨ ᠬᠥᠯ ᠪᠥᠮᠪᠥᠭᠡ ᠶ᠋ᠢᠨ ᠳᠡᠭᠡᠳᠦ ᠯᠢᠭ ᠤᠨ  ᠰᠸᠸᠢᠯᠢᠶᠠ ᠪᠠᠭ ᠤᠨ ᠳᠠᠰᠬᠠᠯᠵᠢᠭᠤᠯᠤᠭᠴᠢ  ᠾᠤᠯᠢᠶᠠᠨ ᠯᠤᠫᠸᠲᠸᠭᠢ ᠬᠡᠪᠯᠡᠯ ᠳ᠋ᠥ ᠶᠠᠷᠢᠯᠴᠠᠯᠭ᠎ᠠ ᠥᠭᠬᠦ ᠳ᠋ᠦ ᠪᠡᠨ ᠬᠥᠯ ᠪᠥᠮᠪᠥᠭᠡᠴᠢᠳ ᠦᠨ ᠠᠮᠢᠳᠤᠷᠠᠯ ᠤᠨ ᠨᠥᠬᠥᠴᠡᠯ ᠢ ᠬᠥᠨᠳᠡᠵᠡᠢ ᠃

︽ ᠪᠠᠭ ᠤᠳ ᠤᠯᠠᠷᠢᠯ ᠤᠨ ᠲᠣᠭᠯᠠᠯᠲᠠ ᠶ᠋ᠢ ᠳᠠᠬᠢᠨ ᠡᠬᠢᠯᠡᠭᠦᠯᠦᠨ᠎ᠡ ᠬᠡᠮᠡᠨ ᠨᠠᠶᠢᠳᠠᠵᠤ ᠂ ᠲᠠᠮᠢᠷᠴᠢᠳ ᠨᠢ ᠳᠣᠣᠷ᠎ᠠ ᠪᠦᠷᠢᠨ᠎ᠡ ᠪᠡᠯᠡᠳᠬᠡᠯ ᠰᠤᠷᠭᠠᠭᠤᠯᠤᠯᠲᠠ ᠪᠠᠨ ᠪᠠᠵᠠᠭᠠᠵᠤ ᠪᠠᠶᠢᠨ᠎ᠠ ᠃ ᠡᠨᠡ ᠤᠳᠠᠭᠠᠨ ᠤ ᠪᠡᠯᠡᠳᠬᠡᠯ ᠢ ᠤᠯᠠᠷᠢᠯ ᠤᠨ ᠡᠮᠦᠨᠡᠬᠢ ᠶᠡᠷᠦᠳᠡ ᠶ᠋ᠢᠨ ᠪᠡᠯᠡᠳᠬᠡᠯ ᠲᠠᠢ ᠬᠠᠷᠢᠴᠠᠭᠤᠯᠤᠰᠢ ᠦᠭᠡᠢ ᠃ ᠲᠡᠮᠡᠴᠡᠭᠡᠨ ᠡᠬᠢᠯᠡᠭᠦᠯᠬᠦ ᠶ᠋ᠢᠨ ᠡᠮᠦᠨ᠎ᠡ ᠳᠣᠣᠷ᠎ᠠ ᠬᠠᠶᠠᠵᠤ ᠲᠠᠪᠤᠨ ᠳᠣᠯᠣᠭ᠎ᠠ ᠬᠣᠨᠣᠭ ᠪᠡᠯᠡᠳᠬᠡᠯ ᠬᠢᠬᠦ ᠱᠠᠭᠠᠷᠳᠠᠯᠭ᠎ᠠ ᠲᠠᠢ ᠪᠣᠯᠣᠭᠰᠠᠨ ᠃ ᠭᠡᠲᠡᠯ᠎ᠡ ᠣᠷᠴᠢᠨ ᠨᠥᠬᠥᠴᠡᠯ ᠬᠢᠵᠠᠭᠠᠷᠯᠠᠭᠳᠠᠮᠠᠯ ᠪᠠᠶᠢᠨ᠎ᠠ ᠃ ᠬᠥᠮᠥᠰ  ᠬᠦᠯ ᠪᠦᠮᠪᠦᠭᠡᠴᠢᠳ ᠢ ᠴᠡᠴᠡᠷᠯᠢᠭ ᠂ ᠤᠰᠤᠨ ᠰᠠᠩ ᠲᠠᠢ ᠡᠳ᠋ᠯᠡᠩ ᠭᠠᠵᠠᠷ ᠲᠤ ᠠᠮᠢᠳᠤᠷᠠᠳᠠᠭ ᠭᠡᠵᠦ ᠭᠡᠵᠦ ᠪᠣᠳᠣᠵᠠᠭᠠᠳᠠᠭ ᠃ ᠭᠡᠲᠡᠯ᠎ᠡ ᠪᠣᠳᠠᠲᠤ ᠠᠮᠢᠳᠤᠷᠠᠯ ᠳᠡᠭᠡᠷ᠎ᠡ ᠲᠡᠶᠢᠮᠦ ᠨᠢ ᠮᠠᠰᠢ ᠴᠥᠭᠡᠬᠡᠨ ᠃ ᠣᠯᠠᠩᠬᠢ ᠨᠢ 100 ᠺᠦᠸᠠᠳ᠋ ᠮᠸᠲᠷ ᠣᠷᠣᠨ ᠰᠠᠭᠤᠴᠠᠨ ᠳᠤ ᠠᠮᠢᠳᠤᠷᠠᠳᠠᠭ ᠃ ᠡᠶᠢᠮᠦ ᠨᠥᠬᠥᠴᠡᠯ ᠳ᠋ᠥ ᠲᠠᠮᠢᠷᠴᠢᠳ ᠶᠠᠭᠠᠬᠢᠵᠤ ᠴᠦ ᠬᠢᠴᠢᠶᠡᠭᠡᠳ 20 ᠬᠤᠪᠢ ᠶ᠋ᠢᠨ ᠪᠡᠯᠡᠳᠬᠡᠯ ᠣᠯᠵᠤ ᠠᠪᠤᠪᠠᠯ ᠶᠡᠬᠡ  ᠶᠤᠮ ᠭᠡᠵᠦ ᠲᠡᠷᠡ ᠪᠡᠷ ᠶᠠᠷᠢᠭᠰᠠᠨ ᠪᠠᠶᠢᠨ᠎ᠠ ᠃

 

ᠰᠡᠳᠬᠢᠭᠳᠡᠯ ᠦᠯᠡᠳᠡᠭᠡᠬᠦ