︽ ᠬᠠᠨᠳᠤᠯᠭ᠎ᠠ ᠪᠠᠨ ᠥᠭᠡᠷᠡᠴᠢᠯᠡᠶ᠎ᠡ︾ ᠤᠷᠤᠯᠳᠤᠭᠠᠨ ᠪ ᠳ᠋ᠦᠩ ᠭᠠᠷᠴᠠᠢ | News.MN

︽ ᠬᠠᠨᠳᠤᠯᠭ᠎ᠠ ᠪᠠᠨ ᠥᠭᠡᠷᠡᠴᠢᠯᠡᠶ᠎ᠡ︾ ᠤᠷᠤᠯᠳᠤᠭᠠᠨ ᠪ ᠳ᠋ᠦᠩ ᠭᠠᠷᠴᠠᠢ

ᠳᠤᠮᠲᠠᠭᠤᠪᠢ ᠠᠢᠢᠮᠠᠭ ᠤᠨ ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠭᠠᠵᠠᠷ ᠡᠴᠠ ᠶᠡᠷᠦᠩᠬᠡᠢ ᠪᠣᠯᠪᠠᠰᠤᠷᠠᠯ  ᠤᠨ ᠰᠤᠷᠭᠠᠭᠤᠯᠢ ᠵᠢᠨ 4 – 9 ᠳ᠋ᠤᠭᠡᠷ ᠠᠩᠭᠢ ᠵᠢᠨ ᠰᠤᠷᠤᠭᠴᠢᠳ ᠤᠨ ᠳᠤᠮᠳᠠ ︽ ᠬᠠᠨᠳᠤᠯᠭ᠎ᠠ ᠪᠠᠨ ᠥᠭᠡᠷᠡᠴᠢᠯᠡᠶ᠎ᠡ ︾ ᠪᠦᠲᠦᠭᠡᠯ ᠤᠨ ᠤᠷᠤᠯᠳᠤᠭᠠᠨ ᠵᠠᠷᠯᠠᠵᠤ᠂ ᠳ᠋ᠦᠩ ᠵᠢᠨᠨ ᠭᠠᠷᠭᠠᠯ᠎ᠠ ᠃ ᠥᠩᠭᠡᠷᠡᠭᠰᠡᠨ ᠭᠤᠷᠪᠠᠳᠤᠭᠠᠷ ᠰᠠᠷ᠎ᠠ ᠳᠤ ᠪᠠᠢᠢᠭᠠᠯᠢ ᠣᠷᠴᠢᠨ ᠪ ᠰᠠᠯᠪᠤᠷᠢ ᠵᠢᠨ ᠬᠦᠷᠢᠶᠡᠨ ᠳ᠋ᠦ ︽ ᠳᠡᠯᠡᠬᠡᠢ ᠵᠢᠨ ᠣᠢ ᠵᠢᠨ ᠡ‍ᠳᠦᠷ︾ ᠂ ︽ᠳᠡᠯᠡᠬᠡᠢ ᠵᠢᠨ ᠤᠰᠤᠨ ᠪ ᠡ‍ᠳᠦᠷ︾ ᠭᠡᠳ ᠣᠯᠠᠨ ᠲᠡᠮᠳᠡᠭᠯᠡᠯᠲᠦ ᠡ‍ᠳᠦᠷ  ᠲᠤᠬᠢᠶᠠᠳᠠᠭ᠃ ᠬᠠᠷᠢᠨ ᠤᠯᠤᠰ ᠣᠷᠤᠨ ᠳᠠᠶᠠᠭᠠᠷ ᠥᠨᠳᠦᠷᠵᠢᠭᠦᠯᠦᠭᠰᠡᠨ ᠪᠡᠯᠡᠨ ᠪᠠᠢᠢᠳᠠᠯ ᠵᠠᠷᠯᠠᠭᠰᠠᠨ ᠡ‍ᠨᠡ ᠦᠶ᠎ᠡ ᠳ᠋ᠦ ᠳᠡᠭᠡᠷᠡᠬᠢ ᠲᠡᠮᠳᠡᠭᠯᠡᠯᠲᠦ ᠡ‍ᠳᠦᠷ ᠤᠳ ᠊ᠢ ᠲᠤᠬᠢᠶᠠᠯᠳᠤᠭᠤᠯᠤᠨ ᠬᠡᠦᠬᠡᠳ ᠵᠠᠯᠠᠭᠤᠴᠤᠳ ᠤᠨ ᠪᠠᠢᠢᠭᠠᠯᠢ ᠬᠠᠮᠠᠭᠠᠯᠠᠬᠤ ᠪᠣᠯᠪᠠᠰᠤᠷᠠᠯ ᠊ᠢ ᠳᠡᠭᠡᠭᠰᠢᠯᠡᠭᠦᠯᠬᠦ ᠵᠤᠷᠢᠯᠭ᠎ᠠ ᠪᠡᠷ ︽ᠢᠷᠡᠭᠡᠳᠦᠢ ᠡ‍ᠴᠡ ᠪᠢᠴᠢᠭᠰᠡᠨ ᠵᠠᠬᠢᠳᠠᠯ︾ ᠂

︽ᠬᠠᠨᠳᠤᠯᠭ᠎ᠠ ᠪᠠᠨ ᠥᠭᠡᠷᠡᠴᠢᠯᠡᠶ᠎ᠡ ︾ ᠰᠡᠳᠦᠪᠲᠦ ᠤᠷᠤᠯᠳᠤᠭᠠᠨ ᠊ᠢ ᠵᠠᠷᠯᠠᠵᠠᠢ ᠃

ᠤᠷᠤᠯᠳᠤᠭᠠᠨ ᠳᠤ 13 ᠪᠦᠲᠦᠭᠡᠯ ᠢᠷᠠᠵᠤ ᠂ ᠰᠤᠷᠤᠭᠴᠢ ᠪ᠊ · ᠡᠩᠬᠡᠪᠢᠯᠢᠭ ︽ ᠰᠢᠪᠠᠭᠤᠨ ᠪ ᠡ‍ᠭᠦᠷ ᠪᠣᠯᠤᠨ ᠰᠠᠺᠦᠷᠠ ᠴᠡᠴᠡᠭ︾ ᠬᠤᠶᠠᠷ ᠲᠥᠷᠦᠯ ᠤᠨ ᠪᠦᠲᠦᠭᠡᠯ ᠵᠢᠨᠷ ᠵᠢᠨᠨ ᠨᠢᠭᠡᠳᠦᠭᠡᠷ ᠪᠠᠢᠢᠷᠢ᠂ ᠰᠤᠷᠤᠭᠴᠢ ᠣ᠊·ᠶᠠᠩᠵᠢᠨᠯᠾᠠᠮᠤ ︽ᠬᠠᠨᠳᠤᠯᠭ᠎ᠠ ᠪᠠᠨ ᠥᠭᠡᠷᠡᠴᠢᠯᠡᠶ᠎ᠡ ︾ ᠬᠤᠶᠠᠷ ᠪᠦᠲᠦᠭᠡᠯ ᠵᠢᠨᠷ ᠬᠤᠶᠠᠳᠤᠭᠠᠷ ᠪᠠᠢᠢᠷᠢ ᠂ ᠰᠤᠷᠤᠭᠴᠢ ᠡ‍᠊ ·ᠥᠨᠢᠪᠣᠯᠤᠳ ︽ ᠡ‍ᠺᠣ ᠪᠠᠢᠢᠰᠢᠩ︾᠂ ︽ᠤᠰᠤ ᠪᠠᠨ ᠬᠡᠮᠨᠡᠶ᠎ᠡ︾ ᠬᠤᠶᠠᠷ ᠪᠦᠲᠦᠭᠡᠯ ᠵᠢᠨᠷ ᠭᠤᠷᠪᠠᠳᠤᠭᠠᠷ ᠪᠠᠢᠢᠷᠢ ᠲᠤᠰ ᠲᠤᠰ ᠡ‍ᠵᠡᠯᠡᠵᠡᠢ ᠃ ᠬᠠᠷᠢᠨ ᠰᠤᠷᠤᠭᠴᠢ ᠣ᠊·ᠡᠷᠳᠡᠨᠢᠲᠦ᠋ᠰᠢᠭ ︽ᠭᠡᠷᠡᠯ  ᠤᠨ ᠳ᠋ᠧᠩᠯᠦ︾ ᠪᠦᠲᠦᠭᠡᠯ ᠵᠢᠨᠷ ︽ ᠲᠤᠰᠬᠠᠢ ᠪᠠᠢᠢᠷᠢ︾   ᠳᠦ ᠰᠢᠯᠭᠠᠷᠠᠭᠰᠠᠨ ᠪᠠᠢᠢᠨ᠎ᠠ ᠃ ᠰᠤᠷᠤᠭᠴᠢ ᠪ᠊ ·ᠡᠩᠬᠡᠪᠢᠯᠢᠭ ︽ ᠰᠢᠪᠠᠭᠤᠨ ᠪ ᠡ‍ᠭᠦᠷ︾ ᠪᠦᠲᠦᠭᠡᠯ ᠳ᠋ᠦ ᠪᠡᠨ ᠲᠠᠪᠤᠨ ᠯᠢᠲ᠋ᠷ ᠤᠨ ᠤᠰᠤᠨ ᠪ ᠰᠠᠪᠠ ᠂ ᠬᠠᠶᠠᠭᠳᠠᠯ ᠮᠥᠴᠢᠷ᠂ ᠡ‍ᠪᠡᠰᠦ ᠂ ᠴᠢᠯᠠᠭᠤ ᠂ ᠮᠤᠳᠤᠨ ᠪ ᠬᠤᠯᠲᠤᠰᠤ ᠵᠡᠷᠭᠡ ᠮᠠᠲ᠋ᠧᠷᠢᠶᠠᠯ ᠊ᠢ ᠠᠰᠢᠭᠯᠠᠨ ᠬᠢᠭᠰᠡᠨ ᠪᠣᠯ ᠰᠤᠷᠤᠭᠴᠢ ᠡ‍᠊ ·ᠥᠨᠢᠪᠣᠯᠤᠳ ᠪᠦᠲᠦᠭᠡᠯ  ᠵᠢᠨᠨ ᠭᠠᠷ ᠤᠨ ᠳᠤᠤᠷᠠᠬᠢ ᠮᠠᠲ᠋ᠧᠷᠢᠶᠠᠯ ᠠᠰᠢᠭᠯᠠᠨ ᠬᠢᠵᠡᠢ ᠃

 

ᠰᠡᠳᠬᠢᠭᠳᠡᠯ ᠦᠯᠡᠳᠡᠭᠡᠬᠦ