ᠭᠣᠪᠢ ᠠᠯᠲᠠᠢ ᠶ᠋ᠢᠨ ᠮᠦᠽᠧᠢ ᠳ᠋ᠦ ᠬᠦᠷᠡᠯ ᠮᠣᠷᠢᠨ ᠤ ᠬᠥᠰᠢᠶ᠎ᠡ ᠬᠠᠳᠠᠭᠠᠯᠠᠭᠳᠠᠵᠤ ᠪᠠᠶᠢᠨ᠎ᠠ | News.MN

ᠭᠣᠪᠢ ᠠᠯᠲᠠᠢ ᠶ᠋ᠢᠨ ᠮᠦᠽᠧᠢ ᠳ᠋ᠦ ᠬᠦᠷᠡᠯ ᠮᠣᠷᠢᠨ ᠤ ᠬᠥᠰᠢᠶ᠎ᠡ ᠬᠠᠳᠠᠭᠠᠯᠠᠭᠳᠠᠵᠤ ᠪᠠᠶᠢᠨ᠎ᠠ

 

ᠭᠣᠪᠢ ᠠᠯᠲᠠᠢ ᠠᠶᠢᠮᠠᠭ ᠤᠨ ᠣᠷᠣᠨ ᠨᠤᠲᠤᠭ ᠢ ᠰᠤᠳᠤᠯᠬᠤ ᠮᠦᠽᠧᠢ ᠳ᠋ᠦ ᠮᠠᠨ ᠤ ᠡᠷᠡᠨ ‍ᠣ ᠡᠮᠦᠨᠡᠬᠢ  ᠭᠤᠷᠪᠠ ᠠᠴᠠ ᠳᠤᠯᠤᠳᠤᠭᠠᠷ ᠵᠠᠭᠤᠨ ᠳᠤ ᠬᠠᠮᠢᠶᠠᠷᠤᠭᠳᠠᠬᠤ ᠬᠣᠣᠰ ᠦᠭᠡᠢ ᠦᠨᠡᠲᠦ ᠦᠵᠡᠮᠦᠷᠢ ᠬᠦᠷᠡᠯ ᠮᠣᠷᠢᠨ ᠤ ᠬᠥᠰᠢᠶ᠎ᠡ ᠬᠠᠳᠠᠭᠠᠯᠠᠭᠳᠠᠵᠤ ᠪᠠᠶᠢᠨ᠎ᠠ ᠃ ᠡᠮᠦᠨᠡᠲᠦ ᠰᠢᠪᠧᠷᠢᠶ᠎ᠠ ᠶ᠋ᠢᠨ ᠮᠢᠨᠤᠰ ᠤᠨ ᠬᠣᠩᠬᠣᠷ ᠡᠴᠠ ᠣᠯᠳᠠᠭᠰᠠᠨ ᠶᠠᠩᠭᠢᠷ ᠤᠨ ᠳᠦᠷᠰᠦ ᠲᠠᠢ ᠲᠥᠰᠲᠡᠢ ᠲᠡᠮᠦᠷ ᠵᠡᠪᠰᠡᠭ ᠤᠨ ᠡᠬᠢᠨ ᠦᠶ᠎ᠡ ᠂ ᠮᠠᠨ ᠤ ᠡᠷᠡᠨ ‍ᠣ ᠡᠮᠦᠨᠡᠬᠢ ᠭᠤᠷᠪᠠ ᠠᠴᠠ ᠳᠤᠯᠤᠳᠤᠭᠠᠷ ᠵᠠᠭᠤᠨ ᠳᠤ ᠬᠠᠮᠢᠶᠠᠷᠤᠭᠳᠠᠬᠤ ᠤᠭ ᠬᠦᠷᠡᠯ ᠮᠣᠷᠢ ᠶ᠋ᠢ ᠵᠢᠷᠭᠠᠯᠠᠩ ᠰᠤᠮᠤ ᠶ᠋ᠢᠨ ᠨᠤᠲᠤᠭ ᠡᠴᠠ ᠣᠯᠣᠭᠰᠠᠨ ᠪᠥᠭᠡᠳ 1965 ᠣᠨ ᠳᠤ ᠴᠤᠭᠯᠠᠭᠤᠯᠭ᠎ᠠ ᠪᠠᠷ ᠰᠠᠩ ᠬᠥᠮᠥᠷᠭᠡ ᠳ᠋ᠥ ᠠᠪᠴᠠᠢ ᠃ ᠮᠣᠷᠢᠨ ᠤ ᠬᠡᠯᠪᠡᠷᠢ ᠂ ᠬᠡᠪ ᠰᠢᠨᠵᠢ ᠶ᠋ᠢ ᠨᠢ ᠠᠵᠢᠪᠠᠯ ᠬᠦᠯᠦᠭ ᠦᠨ ᠪᠡᠶ᠎ᠡ ᠭᠠᠯᠪᠢᠷ ᠢ ᠨᠠᠷᠢᠨ ᠤᠷᠠᠨ ᠴᠠᠮᠢᠨ ᠬᠢᠴᠡᠲᠡᠢ ᠂ ᠭᠣᠶᠣᠮᠰᠤᠭ ᠰᠣᠭᠣ ᠴᠢᠬᠢ ᠲᠠᠢ ᠂ ᠶᠡᠬᠡᠳᠡ ᠪᠣᠳᠠᠲᠠᠢ ᠪᠡᠷ ᠪᠦᠷᠢᠨ ᠪᠠᠷᠢᠮᠠᠯ ᠢᠶᠠᠷ ᠬᠠᠪᠲᠠᠭᠠᠢ ᠰᠠᠭᠤᠷᠢᠨ ᠳᠡᠭᠡᠷ᠎ᠡ ᠴᠢᠳᠬᠤᠵᠤ ᠤᠷᠠᠯᠠᠵᠠᠢ᠃ ᠲᠡᠭᠦᠨ ᠦ ᠰᠡᠭᠦᠯ ᠢ ᠮᠤᠰᠬᠢᠵᠤ ᠭᠣᠶᠣᠭᠰᠠᠨ ᠂ ᠨᠢᠳᠦ ᠶ᠋ᠢ ᠳᠤᠭᠤᠷᠢᠭ ᠨᠡᠪᠲᠡ ᠴᠣᠭᠣᠷᠬᠠᠢ ᠂ ᠳᠡᠯ ᠢ ᠨᠠᠷᠢᠰᠬᠠᠨ ᠂ ᠡᠪᠦᠳᠦᠭ ᠂ ᠪᠣᠷᠪᠢ ᠶ᠋ᠢᠨ ᠦᠶ᠎ᠡ ᠶ᠋ᠢ ᠵᠠᠯᠭᠠᠭ᠎ᠠ ᠲᠠᠢ ᠪᠠᠶᠢᠳᠠᠯ ᠢᠶᠠᠷ ᠤᠷᠠᠯᠠᠭᠰᠠᠨ ᠠᠴᠠ ᠭᠠᠳᠠᠨ᠎ᠠ ᠰᠠᠭᠤᠷᠢ ᠨᠢ ᠡᠷᠭᠢᠨ ᠲᠣᠭᠣᠷᠢᠨ ᠢᠷᠵᠢᠭᠢᠷ ᠬᠡ ᠲᠠᠢ ᠪᠦᠲᠦᠭᠡᠭᠳᠡᠭᠰᠡᠨ ᠨᠢ ᠰᠣᠨᠢᠨ ᠰᠣᠳᠣᠨ ᠬᠠᠷᠠᠭᠳᠠᠳᠠᠭ ᠶᠤᠮ ᠃

ᠤᠭ ᠬᠦᠷᠡᠯ ᠮᠣᠷᠢ ᠨᠢ 2005 ᠣᠨ ᠳᠤ ᠪᠣᠯᠣᠭᠰᠠᠨ ᠮᠣᠩᠭᠣᠯ ᠤᠨ ᠮᠦᠽᠧᠢ ᠶ᠋ᠢᠨ ᠰᠢᠯᠢᠳᠡᠭ ᠦᠵᠡᠮᠦᠷᠢ ᠶ᠋ᠢᠨ ᠤᠷᠤᠯᠳᠤᠭᠠᠨ ᠳᠤ ᠲᠦᠷᠦᠭᠦᠯᠡᠵᠦ ᠪᠠᠶᠢᠭᠰᠠᠨ ᠤᠳᠠᠭ᠎ᠠ ᠲᠠᠢ ᠪᠥᠭᠡᠳ ᠭᠣᠪᠢ ᠠᠯᠲᠠᠢ ᠠᠶᠢᠮᠠᠭ ᠤᠨ ᠲᠡᠦᠬᠡᠨ ᠳᠤᠷᠠᠰᠬᠠᠯ ᠂ ᠶᠢᠰᠦᠨ ᠭᠠᠶᠢᠬᠠᠮᠰᠢᠭ ᠤᠨ ᠨᠢᠭᠡ ᠪᠡᠷ ᠡᠷᠭᠦᠮᠵᠢᠯᠡᠭᠰᠡᠨ ᠶᠤᠮ ᠃ ᠠᠯᠲᠠᠢ ᠬᠣᠲᠠ ᠶ᠋ᠢᠨ ᠥᠩᠭᠡ ᠦᠵᠡᠮᠵᠢ ᠶ᠋ᠢ ᠰᠠᠶᠢᠵᠢᠷᠠᠭᠤᠯᠬᠤ ᠂ ᠠᠶᠠᠯᠠᠯ ᠵᠢᠭᠤᠯᠴᠢᠯᠠᠯ ᠢ ᠬᠥᠭᠵᠢᠭᠦᠯᠵᠦ ᠡᠬᠡ ᠨᠤᠲᠤᠭ ᠤᠨ ᠢᠷᠡᠭᠡᠳᠦᠢ ᠪᠣᠯᠣᠭᠰᠠᠨ ᠬᠡᠦᠬᠡᠳ ᠵᠠᠯᠠᠭᠤᠰ ᠲᠦ ᠪᠡᠨ ᠦᠦᠬᠡ ᠲᠡᠦᠬᠡ ᠪᠡᠨ ᠲᠠᠨᠢᠭᠤᠯᠬᠤ ᠵᠣᠷᠢᠯᠭ᠎ᠠ ᠪᠡᠷ ᠬᠣᠣᠰ ᠦᠭᠡᠢ ᠦᠨᠡᠲᠦ ᠦᠵᠡᠮᠦᠷᠢ ᠪᠣᠯᠬᠤ ᠬᠦᠷᠡᠯ ᠮᠣᠷᠢᠨ ᠤ ᠬᠥᠰᠢᠶ᠎ᠡ ᠶ᠋ᠢ ᠠᠯᠲᠠᠢ ᠬᠣᠲᠠ ᠳᠤ ᠰᠦᠨᠳᠡᠷᠯᠡᠭᠦᠯᠵᠡᠢ ᠃

ᠰᠡᠳᠬᠢᠭᠳᠡᠯ ᠦᠯᠡᠳᠡᠭᠡᠬᠦ