ᠪᠥᠵᠢᠭ  ᠤᠨ ᠴᠠᠬᠢᠮ ᠤᠷᠤᠯᠳᠤᠭᠠᠨ ᠵᠠᠷᠯᠠᠵᠠᠢ | News.MN

ᠪᠥᠵᠢᠭ  ᠤᠨ ᠴᠠᠬᠢᠮ ᠤᠷᠤᠯᠳᠤᠭᠠᠨ ᠵᠠᠷᠯᠠᠵᠠᠢ

 

ᠰᠡᠯᠡᠩᠭᠡ ᠠᠶᠢᠮᠠᠭ ᠤᠨ ᠭᠡᠷ ᠪᠦᠯᠢ  ᠬᠡᠦᠬᠡᠳ ᠵᠠᠯᠠᠭᠤᠴᠤᠳ ᠤᠨ ᠬᠥᠭᠵᠢᠯ  ᠤᠨ ᠭᠠᠵᠠᠷ ᠡᠴᠠ ᠪᠥᠵᠢᠭ  ᠤᠨ ᠴᠠᠬᠢᠮ ᠤᠷᠤᠯᠳᠤᠭᠠᠨ ᠵᠠᠷᠯᠠᠵᠠᠢ ᠃ ᠲᠤᠰ ᠤᠷᠤᠯᠳᠤᠭᠠᠨ ᠨᠢ ᠬᠡᠦᠬᠡᠳ ᠦᠳ ᠦᠨ ᠴᠢᠯᠦᠭᠡᠲᠦ ᠴᠠᠭ ᠢ ᠦᠷ᠎ᠡ ᠪᠦᠲᠦᠭᠡᠯ  ᠲᠠᠢ ᠥᠩᠭᠡᠷᠡᠭᠦᠯᠬᠦ ᠂ ᠠᠪᠢᠶᠠᠰ ᠢ ᠨᠢ ᠨᠡᠭᠡᠭᠡᠬᠦ ᠂ ᠬᠥᠳᠡᠯᠭᠡᠭᠡᠨ ‍ᠣ ᠳᠤᠲᠠᠭᠳᠠᠯ ᠡᠴᠠ ᠤᠷᠢᠳᠴᠢᠯᠠᠨ ᠰᠡᠷᠭᠡᠶᠢᠯᠡᠬᠦ ᠵᠣᠷᠢᠯᠭ᠎ᠠ ᠲᠠᠢ᠃ ᠮᠥᠨ ᠬᠡᠦᠬᠡᠳ ᠤᠨ ᠠᠪᠢᠶᠠᠰ ᠢ ᠬᠥᠭᠵᠢᠭᠦᠯᠬᠦ ᠳ᠋ᠥ ᠡᠴᠢᠭᠡ ᠡᠬᠡᠴᠦᠳ ᠦᠨ ᠡᠭᠦᠷᠭᠡ  ᠣᠷᠣᠯᠴᠠᠭ᠎ᠠ ᠶ᠋ᠢ ᠨᠡᠮᠡᠭᠳᠡᠭᠦᠯᠵᠦ ᠂ ᠭᠡᠷ ᠪᠦᠯᠢ ᠶ᠋ᠢᠨ ᠠᠭᠤᠷ ᠠᠮᠢᠰᠬᠤᠯ ᠢ ᠬᠠᠯᠠᠭᠤᠨ ᠳᠤᠯᠠᠭᠠᠨ ᠪᠣᠯᠭᠠᠬᠤ ᠵᠣᠷᠢᠯᠲᠠ ᠳᠡᠪᠰᠢᠭᠦᠯᠵᠡᠢ ᠃

ᠰᠤᠷᠭᠠᠭᠤᠯᠢ ᠶ᠋ᠢᠨ ᠡᠮᠦᠨᠡᠬᠢ ᠨᠠᠰᠤ ᠂ ᠪᠠᠭ᠎ᠠ ᠠᠩᠭᠢ ᠶ᠋ᠢᠨ ᠰᠤᠷᠤᠭᠴᠢᠳ ᠭᠡᠰᠡᠨ ᠬᠣᠶᠠᠷ ᠠᠩᠭᠢᠯᠠᠯ ᠢᠶᠠᠷ ᠤᠷᠤᠯᠳᠤᠭᠠᠨ ᠢ ᠶᠠᠪᠤᠭᠤᠯᠵᠤ ᠪᠤᠢ ᠃ ᠬᠡᠦᠬᠡᠳ ᠦᠳ ᠦᠨ ᠪᠥᠵᠢᠭᠯᠡᠵᠦ ᠪᠠᠶᠢᠭ᠎ᠠ ᠳᠦᠷᠰᠦ ᠪᠢᠴᠢᠯᠭᠡ ᠶ᠋ᠢ ᠹᠧᠶᠢᠰᠪᠦ᠋ᠺ ᠦᠨ ︽ ᠰᠡᠯᠡᠩᠭᠡ ᠬᠡᠦᠬᠡᠳ︾ ᠴᠠᠬᠢᠮ ᠬᠠᠭᠤᠳᠠᠰᠤ ᠪᠡᠷ ᠡᠨᠡ ᠰᠠᠷ᠎ᠠ ᠶ᠋ᠢᠨ 30 ᠬᠦᠷᠲᠡᠯ᠎ᠡ ᠬᠦᠯᠢᠶᠡᠨ ᠠᠪᠬᠤ ᠭᠡᠨ᠎ᠡ ᠃ ᠣᠷᠣᠯᠴᠠᠭᠴᠢ ᠭᠡᠷ ᠪᠦᠯᠢ ᠶ᠋ᠢᠨ ᠨᠢᠭᠡ ᠡᠴᠡ ᠴᠥᠭᠡᠨ ᠦᠭᠡᠢ ᠭᠡᠰᠢᠭᠦᠨ ᠲᠠᠢ ᠬᠠᠮᠲᠤ ᠪᠥᠵᠢᠭᠯᠡᠬᠦ ᠱᠠᠭᠠᠷᠳᠠᠯᠭ᠎ᠠ ᠲᠠᠢ ᠃

ᠰᠡᠳᠬᠢᠭᠳᠡᠯ ᠦᠯᠡᠳᠡᠭᠡᠬᠦ