︽ᠭᠤᠤᠵᠢᠨ ᠤ ᠥᠨᠳᠥᠷ ︾ ᠢ ᠰᠡᠷᠭᠦᠭᠡᠨ ᠵᠠᠰᠠᠪᠤᠷᠢᠯᠠᠨ᠎ᠠ | News.MN

 ︽ᠭᠤᠤᠵᠢᠨ ᠤ ᠥᠨᠳᠥᠷ ︾ ᠢ ᠰᠡᠷᠭᠦᠭᠡᠨ ᠵᠠᠰᠠᠪᠤᠷᠢᠯᠠᠨ᠎ᠠ

 

ᠤᠯᠠᠭᠠᠨᠪᠠᠭᠠᠲᠤᠷ ᠬᠣᠲᠠ ᠶ᠋ᠢᠨ ᠨᠤᠲᠤᠭ ᠳᠡᠪᠢᠰᠬᠡᠷ ᠲᠥ ᠨᠡᠶᠢᠲᠡ 41 ᠪᠠᠶᠢᠷᠢᠰᠢᠯ ᠳ᠋ᠤ ᠰᠣᠶᠣᠯ ᠤᠨ ᠥᠪ ᠪᠦᠬᠦᠢ ᠪᠠᠷᠢᠯᠭ᠎ᠠ ᠪᠠᠶᠢᠭᠤᠯᠤᠮᠵᠢ ᠪᠠᠶᠢᠭ᠎ᠠ ᠪᠥᠭᠡᠳ ᠪᠠᠶᠠᠩᠭᠣᠣᠯ ᠳᠡᠭᠦᠷᠭᠡ ᠳ᠋ᠥ 1 ᠂ ᠪᠠᠶᠠᠨᠵᠢᠷᠤᠬᠡ ᠳᠡᠭᠦᠷᠭᠡ ᠳ᠋ᠥ 8 ᠂ ᠴᠡᠩᠭᠡᠯᠲᠡᠢ ᠳᠡᠭᠦᠷᠭᠡ ᠳ᠋ᠥ 4 ᠂ ᠰᠦᠬᠡᠪᠠᠭᠠᠲᠤᠷ ᠳᠡᠭᠦᠷᠭᠡ ᠳ᠋ᠥ 5 ᠂ ᠬᠠᠨ ᠠᠭᠤᠯᠠ ᠳᠡᠭᠦᠷᠭᠡ ᠳ᠋ᠥ 1 ᠪᠠᠷᠢᠯᠭ᠎ᠠ ᠂ ᠪᠠᠶᠢᠭᠤᠯᠤᠮᠵᠢ ᠲᠤᠰ ᠲᠤᠰ ᠪᠠᠶᠢᠷᠢᠰᠢᠵᠤ ᠪᠠᠶᠢᠨ᠎ᠠ ᠃ ᠲᠣᠳᠣᠷᠠᠭᠤᠯᠪᠠᠯ ᠂ ᠳ᠋ᠠᠷ᠎ᠠ ᠡᠬᠡ ᠶ᠋ᠢᠨ ᠰᠦᠮ᠎ᠡ ᠂ ᠵᠠᠩᠵᠤᠨ ᠳ᠋᠊ · ᠰᠦ᠋ᠬᠡᠪᠠᠭᠠᠲᠤᠷ ᠤᠨ ᠲᠥᠷᠥᠭᠰᠡᠨ ᠭᠡᠷ  ᠤᠨ ᠪᠠᠭᠤᠷᠢ ᠂  ︽ᠭᠤᠤᠵᠢᠨ ᠤ ᠥᠨᠳᠥᠷ︾ ᠬᠡᠮᠡᠬᠦ ᠬᠣᠶᠠᠷ ᠳᠠᠪᠬᠤᠷ ᠪᠠᠷᠢᠯᠭ᠎ᠠ ︵ᠶᠡᠷᠦᠩᠬᠡᠢ ᠰᠠᠶᠢᠳ ᠴ᠊·ᠨᠠᠮᠨᠠᠨᠳᠣᠷᠵᠢ ᠶ᠋ᠢᠨ ᠠᠮᠢᠳᠤᠷᠠᠵᠤ ᠪᠠᠶᠢᠭᠰᠠᠨ ᠪᠠᠶᠢᠰᠢᠩ︶ ᠵᠡᠷᠭᠡ ᠣᠷᠣᠵᠤ ᠪᠠᠶᠢᠭ᠎ᠠ ᠶᠤᠮ ᠃

ᠰᠡᠭᠦᠯ  ᠤᠨ ᠦᠶ᠎ᠡ ᠳ᠋ᠥ ᠲᠡᠦᠬᠡ ᠰᠣᠶᠣᠯ ᠤᠨ ᠳᠤᠷᠠᠰᠬᠠᠯᠲᠤ ᠭᠠᠵᠠᠷ ᠤᠳ ᠂ ᠰᠣᠶᠣᠯ ᠤᠨ ᠥᠪ ᠪᠣᠯᠣᠭᠰᠠᠨ ᠪᠠᠷᠢᠯᠭ᠎ᠠ ᠪᠠᠶᠢᠭᠤᠯᠤᠮᠵᠢ ᠨᠣᠭᠣᠳ ᠢ ᠢᠷᠭᠡᠳ ᠂ ᠠᠵᠤ ᠠᠬᠤᠢ ᠶ᠋ᠢᠨ ᠨᠢᠭᠡᠴᠢ  ᠨᠤᠭᠦᠳ ᠬᠤᠪᠢ ᠶ᠋ᠢᠨ ᠡᠵᠡᠮᠰᠢᠯ ᠪᠣᠯᠭᠠᠭᠠᠳ ᠶᠠᠮᠠᠷ ᠨᠢᠭᠡᠨ ᠵᠥᠪᠰᠢᠶᠡᠷᠡᠯ ᠦᠭᠡᠢ ᠪᠡᠷ ᠨᠤᠷᠠᠭᠠᠳᠠᠭ ᠪᠠᠶᠢᠳᠠᠯ ᠨᠡᠯᠢᠶᠡᠳ ᠦᠭᠡᠢ ᠭᠠᠷᠤᠭᠰᠠᠭᠠᠷ ᠪᠠᠶᠢᠨ᠎ᠠ ᠃ ᠡᠶᠢᠮᠦ ᠳ᠋ᠥ ᠨᠡᠶᠢᠰᠯᠡᠯ ᠦᠨ ᠵᠠᠰᠠᠭ ᠳᠠᠷᠤᠭ᠎ᠠ ᠶ᠋ᠢᠨ ᠬᠥᠮᠥᠨ  ‍ᠣ ᠬᠥᠭᠵᠢᠯ ᠂ ᠨᠡᠶᠢᠭᠡᠮ  ᠤᠨ ᠪᠣᠳᠣᠯᠭ᠎ᠠ ᠶ᠋ᠢᠨ ᠠᠰᠠᠭᠤᠳᠠᠯ ᠬᠠᠷᠢᠭᠤᠴᠠᠭᠰᠠᠨ ᠣᠷᠣᠯᠠᠭᠴᠢ ᠱ᠊ · ᠠᠩᠬᠠᠮ᠎ᠠ ᠬᠠᠮᠠᠭᠠᠯᠠᠯᠲᠠ ᠶ᠋ᠢᠨ ᠪᠦᠰᠡ ᠶ᠋ᠢ ᠴᠢᠯᠦᠭᠡᠯᠡᠬᠦ ᠂ ᠰᠡᠷᠭᠦᠭᠡᠨ ᠵᠠᠰᠠᠪᠤᠷᠢᠯᠠᠬᠤ ᠡᠭᠦᠷᠭᠡ ᠳᠠᠭᠠᠭᠠᠯᠭᠠᠪᠤᠷᠢ ᠶ᠋ᠢ ᠬᠣᠯᠪᠣᠭᠳᠠᠬᠤ ᠠᠯᠪᠠᠨ  ᠲᠤᠰᠢᠶᠠᠯᠲᠠᠳ ᠲᠤ ᠥᠭᠴᠡᠢ ᠃

 

ᠰᠡᠳᠬᠢᠭᠳᠡᠯ ᠦᠯᠡᠳᠡᠭᠡᠬᠦ