︽ ᠴᠢᠯᠠᠭᠤᠨ ᠰᠣᠶᠣᠯ ᠤᠨ ᠥᠪ ︾ ᠬᠥᠲᠥᠯᠪᠦᠷᠢ  ᠬᠡᠷᠡᠭᠵᠢᠭᠦᠯᠵᠦ ᠪᠠᠶᠢᠨ᠎ᠠ | News.MN

︽ ᠴᠢᠯᠠᠭᠤᠨ ᠰᠣᠶᠣᠯ ᠤᠨ ᠥᠪ ︾ ᠬᠥᠲᠥᠯᠪᠦᠷᠢ  ᠬᠡᠷᠡᠭᠵᠢᠭᠦᠯᠵᠦ ᠪᠠᠶᠢᠨ᠎ᠠ

 

ᠵᠠᠰᠠᠭ ᠤᠨ ᠭᠠᠵᠠᠷ ᠡᠴᠠ ︽ ᠴᠢᠯᠠᠭᠤᠨ ᠰᠣᠶᠣᠯ ᠤᠨ ᠥᠪ ︾ ᠦᠨᠳᠦᠰᠦᠨ ‍ᠣ ᠬᠥᠲᠥᠯᠪᠦᠷᠢ ᠶ᠋ᠢ ᠣᠷᠣᠨ ᠳᠠᠶᠠᠭᠠᠷ ᠬᠡᠷᠡᠭᠵᠢᠭᠦᠯᠵᠦ ᠪᠠᠶᠢᠨ᠎ᠠ ᠃ ᠡᠨᠡ ᠬᠦ ᠬᠥᠲᠥᠯᠪᠦᠷᠢ ᠶ᠋ᠢᠨ ᠬᠦᠷᠢᠶᠡᠨ ᠳ᠋ᠥ ᠰᠤᠮᠤ ᠣᠷᠣᠨ ᠨᠤᠲᠤᠭ ᠤᠨ ᠤᠳᠤᠷᠢᠳᠤᠯᠭ᠎ᠠ ᠨᠠᠷ ᠥᠪᠡᠷ

ᠤᠨ  ᠢᠶ᠋ᠡᠨ ᠨᠤᠲᠤᠭ ᠲᠠᠬᠢ ᠴᠢᠯᠠᠭᠤᠨ ᠥᠪ ᠰᠣᠶᠣᠯ ᠢ ᠪᠦᠷᠢᠳᠬᠡᠬᠦ ᠂ ᠬᠠᠳᠠᠭᠠᠯᠠᠵᠤ ᠂ ᠬᠠᠮᠠᠭᠠᠯᠠᠬᠤ ᠠᠵᠢᠯ ᠢ ᠵᠣᠬᠢᠶᠠᠨ ᠪᠠᠶᠢᠭᠤᠯᠵᠤ ᠪᠠᠶᠢᠭ᠎ᠠ ᠠᠵᠠᠢ᠃ ᠲᠤᠬᠠᠶᠢᠯᠠᠪᠠᠯ ᠂ ᠡᠮᠦᠨᠡᠭᠣᠪᠢ ᠠᠶᠢᠮᠠᠭ ᠤᠨ ᠭᠤᠷᠪᠠᠨ ᠲᠡᠰ ᠰᠤᠮᠤ ᠶ᠋ᠢᠨ ᠤᠳᠤᠷᠢᠳᠤᠯᠭ᠎ᠠ  ᠨᠠᠷ ᠰᠤᠮᠤ ᠶ᠋ᠢᠨ ᠢᠶᠡᠨ ᠨᠤᠲᠤᠭ ᠳᠡᠪᠢᠰᠬᠡᠷ ᠲᠠᠬᠢ ᠬᠠᠳᠠᠨ ᠤ ᠰᠦᠭ ᠵᠢᠷᠤᠭ ᠪᠦᠬᠦᠢ ᠭᠠᠵᠠᠷ ᠤᠳ ᠢ ᠬᠠᠮᠠᠭᠠᠯᠠᠯᠲᠠ  ᠳᠤ ᠠᠪᠬᠤ ᠲᠣᠭᠲᠠᠭᠠᠯ ᠪᠠᠲᠤᠯᠠᠵᠠᠢ ᠃ ᠣᠳᠣ ᠪᠡᠷ ᠡᠮᠦᠨᠡᠭᠣᠪᠢ ᠠᠶᠢᠮᠠᠭ ᠤᠨ ᠭᠤᠷᠪᠠᠨ ᠲᠠᠰ ᠰᠤᠮᠤ ᠶ᠋ᠢᠨ 10 ᠪᠠᠶᠢᠷᠢᠰᠢᠯ ᠳ᠋ᠤ 1000 ᠭᠠᠷᠤᠢ ᠬᠠᠳᠠᠨ ᠤ ᠰᠦᠭ ᠵᠢᠷᠤᠭ ᠪᠦᠷᠢᠳᠬᠡᠭᠳᠡᠵᠡᠢ ᠃

ᠰᠡᠳᠬᠢᠭᠳᠡᠯ ᠦᠯᠡᠳᠡᠭᠡᠬᠦ