ᠢᠰᠫᠠᠨᠢ ᠶ᠋ᠢᠨ ᠬᠥᠯ ᠪᠥᠮᠪᠥᠭᠡ ᠶ᠋ᠢᠨ ︽ᠷᠸᠶᠠᠯ︾ ᠮᠠᠳ᠋ᠷᠢᠳ᠋ ᠪᠠᠭ ᠡᠨᠡ ᠵᠤᠨ 4 5 ᠲᠣᠭᠯᠠᠭᠴᠢ ᠪᠠᠨ ᠵᠠᠷᠤᠨᠠ ᠭᠡᠵᠦ ᠪᠠᠶᠢᠭᠰᠠᠨ ᠪᠢᠯᠡ᠃ ᠽᠢᠨᠧᠳ᠋ ᠦᠨ ᠽᠢᠳᠠᠨ ᠤ ᠶᠠᠪᠤᠭᠤᠯᠬᠤ ᠶ᠋ᠢ ᠬᠦᠰᠡᠵᠦ ᠪᠠᠶᠢᠭᠠ ᠲᠣᠭᠯᠠᠭᠴᠢᠳ ᠤᠨ ᠵᠢᠭᠰᠠᠭᠠᠯᠲᠠ ᠳᠤ ᠭᠠᠷᠸᠲ ᠪᠸᠢᠢᠯ᠂ ᠬᠠᠮᠸᠰ ᠷᠤᠳ᠋ᠷᠢᠭ᠍ᠸᠰ᠂ ᠯᠤᠺᠠᠰ ᠸᠠᠰᠺᠸᠰ᠂ ᠮᠠᠷᠢᠶᠠᠨᠤ᠋ ᠳ᠋ᠢᠶᠠᠰ᠂ ᠠᠯᠢᠸᠠᠷᠤ᠋ ᠤᠳ᠋ᠷᠢᠶᠤᠰᠤᠯᠠ᠂ ᠨᠠᠴᠤ᠋ ᠹᠸᠷᠨᠠᠨᠳ᠋ᠸᠰ ᠨᠠᠷ ᠣᠷᠣᠭᠰᠠᠨ ᠪᠠᠶᠢᠨᠠ ᠃
︽ᠷᠸᠶᠠᠯ︾ ᠳ᠋ᠥ ᠣᠳᠣ 25 ᠬᠦᠯ ᠪᠦᠮᠪᠦᠭᠡᠴᠢᠨ ᠲᠣᠭᠯᠠᠵᠤ ᠪᠠᠶᠢᠭᠠ ᠪᠥᠭᠡᠳ ᠥᠭᠡᠷᠡ 11 ᠲᠣᠭᠯᠠᠭᠴᠢ ᠵᠢᠭᠡᠯᠡᠯᠭᠡ ᠪᠡᠷ ᠪᠤᠰᠤᠳ ᠪᠠᠭ ᠤᠳ ᠲᠤ ᠲᠣᠭᠯᠠᠵᠤ ᠪᠠᠶᠢᠨᠠ᠃ ᠰᠢᠨᠡ ᠲᠣᠭᠯᠠᠭᠴᠢ ᠬᠤᠳᠠᠯᠳᠤᠵᠤ ᠠᠪᠤᠶᠠ ᠭᠡᠪᠡᠯ ᠵᠠᠪᠠᠯ ᠣᠷᠣᠨ ᠲᠣᠭᠠ ᠰᠤᠯᠠᠯᠠᠬᠤ ᠪᠣᠯᠣᠭᠠᠳ ᠪᠠᠶᠢᠭᠠ ᠶᠤᠮ ᠃