ᠬᠢᠯᠢ ᠶᠢᠨ ᠴᠡᠷᠢᠭ ᠤᠨ ᠲᠡᠦᠬᠡ ᠪᠡᠷ ᠺᠢᠨᠣ᠋ ᠬᠢᠵᠡᠢ   | News.MN

ᠬᠢᠯᠢ ᠶᠢᠨ ᠴᠡᠷᠢᠭ ᠤᠨ ᠲᠡᠦᠬᠡ ᠪᠡᠷ ᠺᠢᠨᠣ᠋ ᠬᠢᠵᠡᠢ  

 

ᠮᠣᠩᠭᠣᠯ ᠳᠦ ᠤᠯᠤᠰ ᠤᠨ ᠪᠠᠭᠠᠲᠤᠷ ᠯ᠊· ᠳᠠᠸᠠᠳᠣᠷᠵᠢ ᠶ᠋ᠢᠨ ᠨᠡᠷᠡᠮᠵᠢᠲᠦ ᠬᠢᠯᠢ ᠶ᠋ᠢᠨ ᠴᠡᠷᠢᠭ  ᠤᠨ 0257 ᠳ᠋ᠤᠭᠠᠷ ᠠᠩᠭᠢ ᠂  ︽ ᠡᠲ᠋ᠢᠺ ︾  ᠫᠷᠤᠳᠠᠺᠱᠢᠨ ᠲᠠᠢ ᠬᠠᠮᠲᠤᠷᠠᠨ ︽ ᠬᠡᠯᠡ ᠦᠭᠡᠢ ᠵᠢᠮ᠎ᠠ︾ ᠤᠷᠠᠨ ᠰᠠᠶᠢᠬᠠᠨ ᠤ ᠺᠢᠨᠣ᠋ ᠪᠦᠲᠦᠭᠡᠭᠰᠡᠨ ᠪᠠᠶᠢᠨ᠎ᠠ ᠃ ᠤᠭ ᠺᠢᠨᠣ᠋ ᠳ᠋ᠤ ᠭᠠᠷᠬᠤ ᠦᠢᠯᠡ ᠶᠠᠪᠤᠳᠠᠯ ᠨᠢ ᠮᠣᠩᠭᠣᠯ ᠤᠯᠤᠰ ᠠᠷᠠᠳᠴᠢᠯᠠᠭᠰᠠᠨ ᠲᠣᠭᠲᠠᠯᠴᠠᠭᠠᠨ ᠳᠤ ᠰᠢᠯᠵᠢᠭᠰᠡᠨ ᠦᠶ᠎ᠡ ᠳ᠋ᠥ ᠤᠯᠤᠰ ᠣᠷᠣᠨ ᠤ ᠡᠳ᠋  ᠤᠨ ᠵᠠᠰᠠᠭ ᠂ ᠠᠷᠠᠳ ᠢᠷᠭᠡᠳ ᠤᠨ ᠠᠮᠢᠳᠤᠷᠠᠯ ᠬᠦᠨᠳᠦᠷᠡᠭᠰᠡᠨ ᠴᠠᠭ ᠦᠶ᠎ᠡ ᠶ᠋ᠢ ᠬᠠᠷᠠᠭᠤᠯᠵᠠᠢ᠃ ᠲᠤᠬᠠᠢ ᠶ᠋ᠢᠨ ᠴᠠᠭ ᠦᠶ᠎ᠡ ᠳ᠋ᠥ ᠮᠣᠩᠭᠣᠯ ᠤᠯᠤᠰ ᠤᠨ ᠬᠣᠶᠢᠲᠤ ᠬᠢᠯᠢ ᠳ᠋ᠥ ᠴᠠᠭ ᠤᠨ ᠪᠠᠶᠢᠳᠠᠯ ᠶᠡᠬᠡᠬᠡᠨ ᠬᠦᠨᠳᠦ ᠪᠠᠶᠢᠭᠰᠠᠨ ᠪᠥᠭᠡᠳ ᠲᠤᠬᠠᠢ ᠶ᠋ᠢᠨ ᠦᠶ᠎ᠡ ᠳ᠋ᠥ ᠬᠥᠪᠰᠥᠬᠥᠯ ᠠᠶᠢᠮᠠᠭ ᠲᠠᠢ ᠬᠢᠯᠢ ᠵᠠᠯᠭᠠᠭ᠎ᠠ ᠣᠷᠣᠰᠢᠨ ᠰᠠᠭᠤᠬᠤ ᠣᠷᠣᠰ ᠤᠨ ᠪᠤᠷᠢᠶᠠᠳ ᠵᠣᠨ ᠤ ᠠᠮᠢᠳᠤᠷᠠᠯ ᠴᠦ ᠬᠦᠨᠳᠦ ᠬᠡᠴᠡᠭᠦᠦ ᠪᠠᠶᠢᠵᠠᠢ ᠃ ᠪᠤᠷᠢᠶᠠᠳ ᠤᠳ ᠬᠢᠯᠢ ᠵᠥᠷᠢᠴᠡᠵᠦ ᠂ ᠬᠤᠯᠠᠭᠠᠢ ᠶ᠋ᠢᠨ ᠠᠩ ᠬᠢᠬᠦ ᠂ ᠪᠠᠶᠢᠭᠠᠯᠢ ᠶ᠋ᠢᠨ ᠪᠠᠶᠠᠯᠢᠭ ᠬᠠᠤᠯᠢ ᠪᠤᠰᠤ ᠪᠡᠷ ᠠᠰᠢᠭᠯᠠᠬᠤ ᠶ᠋ᠢ ᠰᠠᠨᠠᠭᠠᠷᠬᠠᠵᠤ ᠂ ᠤᠳᠠᠭ᠎ᠠ ᠳᠠᠷᠠᠭ᠎ᠠ ᠮᠠᠨᠠᠢ ᠤᠯᠤᠰ ᠤᠨ ᠬᠢᠯᠢ ᠵᠥᠷᠢᠴᠡᠭᠰᠡᠨ ᠪᠠᠶᠢᠨ᠎ᠠ ᠃ ᠡᠨᠡ ᠦᠶ᠎ᠡ ᠳ᠋ᠥ ᠬᠢᠯᠢ ᠶ᠋ᠢᠨ ᠴᠡᠷᠢᠭ  ᠤᠨ 0257 ᠳ᠋ᠤᠭᠠᠷ ᠠᠩᠭᠢ ᠶ᠋ᠢᠨ ᠳ᠋ᠤᠭᠠᠷ ᠰᠠᠯᠪᠤᠷᠢ ᠳᠤ ᠠᠯᠪᠠ ᠬᠠᠭᠠᠵᠤ ᠪᠠᠶᠢᠭᠰᠠᠨ ᠠᠬᠠᠯᠠᠬᠤ ᠳᠡᠰᠯᠡᠭᠴᠢ ᠳ᠋᠊·ᠴᠣᠣᠳᠠᠯ ᠂ ᠠᠬᠠᠯᠠᠭᠴᠢ ᠶᠠ᠊·ᠪᠠᠶᠠᠷ᠂ ᠬ᠊·ᠨᠢᠮᠠᠳᠣᠷᠵᠢ ᠨᠠᠷ ᠤᠯᠤᠰ ᠤᠨ ᠬᠢᠯᠢ ᠬᠠᠮᠠᠭᠠᠯᠠᠬᠤ ᠲᠤᠰᠢᠶᠠᠯ ᠠᠪᠴᠤ ᠂ ᠡᠭᠦᠷᠭᠡ ᠭᠦᠢᠴᠡᠳᠬᠡᠵᠦ ᠪᠠᠶᠢᠬᠤ ᠦᠶ᠎ᠡ ᠳ᠋ᠦ ᠪᠡᠨ ᠬᠢᠯᠢ  ᠵᠦᠷᠢᠴᠡᠭᠰᠡᠳ ᠢ ᠰᠠᠭᠠᠲᠠᠭᠤᠯᠤᠭᠰᠠᠨ ᠴᠦ ᠬᠦᠴᠦ ᠳᠠᠪᠠᠭᠤ ᠡᠲᠡᠭᠡᠳ  ᠲᠠᠢ ᠲᠠᠭᠠᠷᠠᠵᠤ ᠠᠮᠢ ᠨᠠᠰᠤ ᠪᠠᠨ ᠠᠯᠳᠠᠭᠰᠠᠨ ᠪᠣᠳᠠᠲᠤ ᠦᠢᠯᠡ ᠶᠠᠪᠤᠳᠠᠯ ᠡᠴᠠ ᠡᠨᠡ ᠬᠦ ᠺᠢᠨᠣ᠋ ᠶ᠋ᠢ ᠰᠡᠳᠦᠪᠯᠡᠵᠡᠢ ᠃ ᠡᠷᠭᠦᠭᠰᠡᠨ ᠲᠠᠩᠭᠠᠷᠢᠭ ᠲᠦ ᠪᠡᠨ ᠦᠨᠡᠨᠴᠢ ᠪᠡᠷ ᠡᠭᠦᠷᠭᠡ ᠪᠡᠨ ᠭᠦᠢᠴᠡᠳᠬᠡᠭᠰᠡᠨ  ᠬᠢᠯᠢᠴᠢᠳ ᠦᠨ ᠢᠶᠡᠨ ᠭᠡᠭᠡᠨ ᠳᠤᠷᠠᠰᠬᠠᠯ ᠢ ᠮᠥᠩᠬᠡᠵᠢᠭᠦᠯᠬᠦ ᠵᠣᠷᠢᠯᠭ᠎ᠠ ᠪᠡᠷ ᠤᠭ ᠺᠢᠨᠣ᠋ ᠶ᠋ᠢ ᠬᠢᠯᠢ ᠶ᠋ᠢᠨ 0257 ᠳ᠋ᠤᠭᠠᠷ ᠠᠩᠭᠢ ᠶ᠋ᠢᠨ ᠳᠠᠷᠤᠭ᠎ᠠ ᠂ ᠬᠣᠰᠢᠭᠤᠴᠢ ᠨ᠊·ᠤᠳᠬᠤᠨᠵᠢᠷᠭᠠᠯ ᠰᠠᠨᠠᠭᠠᠴᠢᠯᠠᠨ ᠪᠦᠲᠦᠭᠡᠵᠡᠢ ᠃ ᠺᠢᠨᠣ᠋ ᠶ᠋ᠢᠨ ᠭᠣᠣᠯ ᠳᠦᠷᠢ ᠳ᠋ᠦ ᠭᠠᠪᠢᠶᠠᠲᠤ ᠵᠦᠴᠦᠭᠡᠴᠢᠨ ᠴ᠊ · ᠲᠡᠮᠦᠷᠬᠤᠶᠠᠭ ᠂ ᠰᠣᠶᠣᠯ ᠤᠨ ᠲᠡᠷᠢᠭᠦᠨ ‍ᠣ ᠠᠵᠢᠯᠲᠠᠨ ᠠ᠊·ᠡᠩᠬᠡᠵᠢᠨ ᠂ ᠮ᠊·ᠳᠣᠷᠵᠢᠳᠠᠭᠪᠠ ᠂ ᠬ᠊·ᠬᠣᠣᠰᠪᠠᠶᠠᠷ ᠪᠣᠯᠣᠨ ᠵᠠᠯᠠᠭᠤ ᠵᠦᠴᠦᠭᠡᠴᠢᠨ ᠭ᠊ · ᠳᠠᠸᠠᠵᠤᠯᠠ ᠂ ᠫ᠊ · ᠫᠦ᠋ᠷᠪᠦᠵᠢᠷᠭᠠᠯ ᠨᠠᠷ ᠲᠣᠭᠯᠠᠭᠰᠠᠨ ᠪᠠᠶᠢᠨ᠎ᠠ ᠃

ᠰᠡᠳᠬᠢᠭᠳᠡᠯ ᠦᠯᠡᠳᠡᠭᠡᠬᠦ