ᠴᠸ᠋ᠯᠼᠢ ᠺᠯᠦ᠋ᠪ ᠪᠣᠯᠣᠨ ᠵᠠᠭᠠᠨ ᠤ ᠶᠠᠰᠤᠨ ᠡᠷᠭᠢ ᠤᠯᠤᠰ ᠤᠨ ᠰᠢᠭᠰᠢᠭᠡ ᠪᠠᠭ ᠤᠨ ᠳᠤᠮᠤᠭᠲᠤ ᠲᠣᠭᠯᠠᠭᠴᠢ ᠳ᠋ᠢᠳᠢᠶ᠋ᠸ ᠳ᠋ᠸᠷᠤᠭ᠍ᠪᠠ ᠥᠪᠡᠷ ᠤᠨ ᠬᠤᠪᠢ ᠶ᠋ᠢᠨ ᠡᠮᠨᠡᠯᠭᠡ ᠶ᠋ᠢ ᠺᠤᠸᠢᠳ᠋- 19 ᠤᠨ ᠡᠰᠡᠷᠭᠦ ᠡᠷᠡᠭᠦᠯ ᠮᠡᠨᠳᠦ ᠶ᠋ᠢᠨ ᠲᠥᠪ ᠪᠣᠯᠭᠠᠨ ᠠᠰᠢᠭᠯᠠᠬᠤ ᠰᠠᠨᠠᠯ ᠢ ᠵᠠᠰᠠᠭ ᠤᠨ ᠭᠠᠵᠠᠷ ᠲᠦ ᠪᠡᠨ ᠲᠠᠯᠪᠢᠭᠰᠠᠨ ᠪᠠᠶᠢᠨ᠎ᠠ᠃ ᠲᠤᠰ ᠡᠮᠨᠡᠯᠭᠡ ᠨᠢ 2016 ᠣᠨ ᠳᠤ ᠥᠭᠡᠳᠡ ᠪᠣᠯᠣᠭᠰᠠᠨ ᠬᠥᠯ ᠪᠥᠮᠪᠥᠭᠡᠴᠢᠨ ᠯᠠᠤᠷᠸᠨ ᠫᠤᠺᠤ ᠶᠢᠨ ᠨᠡᠷ᠎ᠡ ᠪᠡᠷ ᠨᠡᠷᠡᠯᠡᠭᠳᠡᠭᠰᠡᠨ ᠪᠥᠭᠡᠳ ᠠᠪᠢᠳ᠋ᠵᠠᠨ ᠬᠣᠲᠠ ᠳᠤ ᠪᠠᠶᠢᠳᠠᠭ ᠶᠤᠮ ᠃
ᠣᠳᠣ ᠪᠡᠷ ᠲᠤᠰ ᠤᠯᠤᠰ ᠲᠤ 574 ᠲᠣᠬᠢᠶᠠᠯᠳᠤᠯ ᠪᠦᠷᠢᠳᠬᠡᠭᠳᠡᠵᠦ 85 ᠬᠥᠮᠥᠨ ᠡᠳᠡᠭᠡᠭᠡᠳ ᠪᠠᠶᠢᠭ᠎ᠠ ᠪᠣᠯ 5 ᠬᠥᠮᠥᠨ ᠬᠣᠷᠸ᠎ᠠ ᠶ᠋ᠢᠨ ᠮᠥᠩᠬᠡ ᠪᠤᠰᠤ ᠶ᠋ᠢ ᠦᠵᠡᠭᠦᠯᠵᠡᠢ ᠃ ᠰᠢᠨ᠎ᠡ ᠪᠡᠷ ᠢᠯᠡᠷᠡᠵᠦ ᠪᠠᠶᠢᠭ᠎ᠠ ᠲᠣᠬᠢᠶᠠᠯᠳᠤᠯ ᠤᠨ ᠲᠣᠭ᠎ᠠ ᠶ᠋ᠢ ᠪᠠᠭᠠᠰᠬᠠᠬᠤ ᠶ᠋ᠢᠨ ᠲᠤᠯᠠᠳᠠ ᠬᠥᠮᠥᠨ ᠪᠦᠷᠢ ᠶ᠋ᠢᠨ ᠬᠢᠴᠢᠶᠡᠯ ᠵᠢᠳᠬᠦᠯ ᠬᠡᠷᠡᠭᠲᠡᠢ ᠭᠡᠳᠡᠭ ᠢ ᠳᠤᠮᠤᠭᠲᠤ ᠬᠦᠯ ᠪᠦᠮᠪᠦᠭᠡᠴᠢᠨ ᠰᠠᠨᠠᠭᠤᠯᠤᠭᠠᠳ ᠺᠤᠸᠢᠳ᠋ 19 ᠶ᠋ᠢᠨ ᠡᠰᠡᠷᠭᠦ 5 ᠠᠯᠬᠤᠮ ᠬᠥᠲᠥᠯᠪᠦᠷᠢ ᠶ᠋ᠢ ᠬᠥᠮᠥᠨ ᠪᠦᠷᠢ ᠬᠡᠷᠡᠭᠵᠢᠭᠦᠯᠬᠦ ᠶ᠋ᠢ ᠤᠷᠢᠶᠠᠯᠠᠭᠰᠠᠨ ᠪᠠᠶᠢᠨ᠎ᠠ ᠃