︽ᠲᠣᠣᠺᠢᠣ᠋ 2020︾ ᠣᠯᠢᠮᠫᠢᠺ ᠤᠨ ᠨᠠᠭᠠᠳᠤᠮ ᠤᠨ ᠭᠤᠷᠪᠠᠨ ᠴᠦ ᠴᠡᠩᠭᠡᠯᠳᠦᠬᠦ ᠬᠦᠷᠢᠶᠡᠯᠡᠩ ᠢ ᠪᠣᠰᠬᠠᠯᠴᠠᠭᠰᠠᠨ ᠯᠾᠠᠭᠪᠠ ᠶ᠋ᠢᠨ ᠳ᠋ᠠᠷ᠎ᠠ ᠶ᠋ᠢ ᠪᠢᠳᠠ ᠣᠨᠴᠠᠯᠠᠵᠤ ᠪᠠᠶᠢᠨ᠎ᠠ ᠃ ᠲᠡᠷᠡ ᠪᠡᠷ ᠶᠠᠫᠤᠨ ᠤᠯᠤᠰ ᠤᠨ ᠪᠠᠷᠢᠯᠭ᠎ᠠ ᠶ᠋ᠢᠨ ᠵᠢᠷᠤᠭ ᠲᠥᠰᠥᠯ ᠤᠨ ᠲᠡᠷᠢᠭᠦᠯᠡᠭᠴᠢ ᠺᠣᠮᠫᠠᠨᠢ ᠪᠣᠯᠬᠤ Tsuru ᠳ᠋ᠥ ᠠᠵᠢᠯᠯᠠᠳᠠᠭ ᠃ ᠡᠬᠡ ᠣᠷᠣᠨ ᠳᠤ ᠪᠠᠨ ᠢᠷᠡᠭᠡᠳ ᠤᠳᠠᠭ᠎ᠠ ᠦᠭᠡᠢ ᠪᠠᠶᠢᠬᠤ ᠳᠤ ᠨᠢ ᠲᠡᠭᠦᠨ ᠲᠠᠢ ᠡᠶᠢᠨ ᠬᠦ ᠶᠠᠷᠢᠯᠴᠠᠭᠰᠠᠨ ᠶᠤᠮ ᠃
︽ᠲᠣᠣᠺᠢᠣ᠋ 2020︾ ᠣᠯᠢᠮᠫᠢᠺ ᠤᠨ ᠨᠠᠭᠠᠳᠤᠮ ᠤᠨ ᠭᠤᠷᠪᠠᠨ ᠴᠦ ᠴᠡᠩᠭᠡᠯᠳᠦᠬᠦ ᠬᠦᠷᠢᠶᠡᠯᠡᠩ ᠤᠨ ᠵᠢᠷᠤᠭ ᠲᠥᠰᠥᠯ ᠤᠨ ᠪᠠᠭ ᠲᠤ ᠠᠵᠢᠯᠯᠠᠵᠠᠢ ᠃ ᠶᠠᠮᠠᠷ ᠶᠠᠮᠠᠷ ᠴᠣᠭᠴᠠᠯᠠᠪᠤᠷᠢ ᠳᠡᠭᠡᠷ᠎ᠡ ᠨᠢ ᠭᠣᠣᠯᠯᠠᠵᠤ ᠠᠵᠢᠯᠯᠠᠭᠰᠠᠨ ᠪᠤᠢ ︖
ᠲᠡᠶᠢᠮᠦ ᠡ ᠂ ᠮᠠᠨ ᠤ Tsuru ᠺᠣᠮᠫᠠᠨᠢ ᠶ᠋ᠢᠨ ᠬᠢᠨ ᠲᠣᠣᠺᠢᠣ᠋ ᠶ᠋ᠢᠨ ᠣᠯᠢᠮᠫᠢᠺ ᠤᠨ ᠭᠤᠷᠪᠠᠨ ᠴᠡᠩᠭᠡᠯᠳᠦᠬᠦ ᠬᠦᠷᠢᠶᠡᠯᠡᠩ ᠤᠨ ᠵᠢᠷᠤᠭ ᠲᠥᠰᠥᠯ ᠤᠨ ᠪᠠᠭ ᠲᠤ ᠣᠷᠣᠵᠤ ᠂ 2017 2019 ᠣᠨ ᠳᠤ ᠠᠵᠢᠯᠯᠠᠭᠰᠠᠨ ᠶᠤᠮ ᠃ ᠡᠭᠦᠨ ᠳ᠋ᠥ ᠠᠯᠠᠭᠠᠳᠠᠬᠤ ᠪᠦᠮᠪᠦᠭᠡ ᠂ ᠰᠠᠭᠰᠤᠨ ᠪᠥᠮᠪᠥᠭᠡ ᠶ᠋ᠢᠨ ᠲᠠᠩᠬᠢᠮ᠂ Ariake gymnastic centre ᠪᠤᠶᠤ ᠭᠢᠮᠨᠠᠰᠲ᠋ᠢᠺ ᠤᠨ ᠂ Tokyo а quatics се ntre ᠪᠤᠶᠤ ᠤᠰᠤᠨ ᠰᠫᠣᠷᠲ ᠤᠨ ᠴᠣᠭᠴᠠᠯᠠᠪᠤᠷᠢ ᠶ᠋ᠢ ᠪᠠᠷᠢᠵᠤ ᠂ ᠠᠰᠢᠭᠯᠠᠯᠲᠠ ᠳᠤ ᠣᠷᠣᠭᠤᠯᠤᠭᠰᠠᠨ ᠃
ᠶᠠᠫᠤᠨ ᠤ ᠪᠠᠷᠢᠯᠭ᠎ᠠ ᠨᠣᠭᠣᠳ ᠮᠠᠰᠢ ᠴᠢᠨᠠᠷᠲᠠᠢ ᠂ ᠢᠯᠠᠩᠭᠤᠶ᠎ᠠ ᠭᠠᠵᠠᠷ ᠬᠥᠳᠡᠯᠦᠯᠲᠡ ᠳ᠋ᠥ ᠲᠡᠰᠪᠦᠷᠢᠲᠡᠢ ᠪᠠᠶᠢᠳᠠᠭ ᠤᠨ ᠭᠣᠣᠯ ᠨᠢᠭᠤᠴᠠ ᠨᠢ ᠶᠠᠭᠤᠨ ᠳᠤ ᠣᠷᠣᠰᠢᠳᠠᠭ ᠶᠤᠮ ᠪᠣᠯ ︖
ᠶᠠᠫᠤᠨ ᠤ ᠠᠷᠬᠢᠲ᠋ᠧᠺᠲ᠋ᠦ᠋ᠷ ᠤᠨ ᠭᠣᠣᠯ ᠣᠨᠴᠠᠯᠢᠭ ᠨᠢ ᠪᠠᠶᠢᠭᠠᠯᠢ ᠲᠠᠢ ᠪᠠᠨ ᠮᠠᠰᠢ ᠣᠶᠢᠷᠠᠬᠠᠨ ᠪᠦᠲᠦᠭᠡᠭᠳᠡᠭᠰᠡᠨ ᠃ ᠡᠨᠡ ᠬᠣᠶᠠᠷ ᠢ ᠬᠣᠯᠪᠣᠭᠰᠠᠨ ᠣᠷᠣᠨ ᠵᠠᠢ ᠶ᠋ᠢᠨ ᠰᠢᠢᠳᠦᠯ ᠦᠳ ᠨᠢ ᠶᠡᠬᠡ ᠰᠠᠶᠢᠨ ᠃ ᠤᠴᠢᠷ ᠨᠢ ᠲᠤᠰ ᠤᠯᠤᠰ ᠪᠠᠶᠢᠭᠠᠯᠢ ᠂ ᠴᠠᠭ ᠠᠭᠤᠷ ᠤᠨ ᠥᠪᠡᠷᠮᠢᠴᠡ ᠪᠦᠰᠡ ᠳ᠋ᠥ ᠪᠠᠶᠢᠷᠢᠯᠠᠳᠠᠭ ᠃ ᠭᠠᠵᠠᠷ ᠬᠥᠳᠡᠯᠦᠯᠲᠡ ᠂ ᠳᠠᠯᠠᠢ ᠶ᠋ᠢᠨ ᠰᠢᠭᠤᠷᠭ᠎ᠠ ᠭᠡᠬᠦᠴᠢᠯᠡᠨ ᠡᠷᠡᠰᠳᠡᠯᠲᠦ ᠬᠦᠴᠦᠨ ᠵᠦᠢᠯ ᠳ᠋ᠥ ᠥᠷᠲᠥᠮᠡᠬᠡᠢ ᠃ ᠲᠡᠶᠢᠮᠦ ᠡᠴᠡ ᠪᠠᠷᠢᠯᠭ᠎ᠠ ᠶᠢ ᠭᠠᠵᠠᠷ ᠬᠥᠳᠡᠯᠦᠯᠲᠡ ᠳ᠋ᠥ ᠲᠡᠰᠪᠦᠷᠢᠲᠡᠢ ᠪᠠᠶᠢᠯᠭᠠᠬᠤ ᠶ᠋ᠢᠨ ᠲᠤᠯᠠᠳᠠ ᠲᠧᠭᠨᠢᠭ ᠂ ᠲᠧᠭᠨᠣᠯᠣᠭᠢ ᠶ᠋ᠢᠨ ᠮᠠᠰᠢ ᠣᠯᠠᠨ ᠰᠢᠢᠳᠦᠯ ᠠᠰᠢᠭᠯᠠᠳᠠᠭ ᠃ ᠲᠤᠬᠠᠶᠢᠯᠠᠪᠠᠯ ᠂ ᠭᠠᠵᠠᠷ ᠬᠥᠳᠡᠯᠦᠯᠲᠡ ᠶ᠋ᠢᠨ ᠬᠦᠴᠦ ᠶ᠋ᠢ ᠰᠠᠭᠠᠷᠠᠭᠤᠯᠳᠠᠭ ᠲᠤᠰᠬᠠᠢ ᠬᠠᠨ᠎ᠠ ᠂ ᠪᠠᠷᠢᠯᠭ᠎ᠠ ᠶ᠋ᠢᠨ ᠰᠠᠭᠤᠷᠢᠨ ᠳᠦ ᠭᠠᠵᠠᠷ ᠤᠨ ᠴᠡᠴᠡᠷᠬᠢᠯᠡᠯ ᠢ ᠰᠢᠩᠭᠡᠭᠡᠬᠦ ᠲᠧᠭᠨᠣᠯᠣᠭᠢ ᠬᠦᠷᠲᠡᠯ᠎ᠡ ᠰᠠᠭᠤᠷᠢᠯᠠᠭᠤᠯᠳᠠᠭ ᠃ ᠥᠭᠡᠷ᠎ᠡ ᠪᠡᠷ ᠬᠡᠯᠡᠪᠡᠯ ᠂ ᠶᠠᠫᠤᠨᠴᠤᠳ ᠪᠠᠷᠢᠯᠭ᠎ᠠ ᠶ᠋ᠢᠨ ᠰᠠᠯᠪᠤᠷᠢ ᠪᠠᠨ ᠣᠯᠠᠨ ᠴᠢᠭᠯᠡᠯ ᠢᠶ᠋ᠡᠷ ᠬᠥᠭᠵᠢᠭᠦᠯᠳᠡᠭ ᠃ ᠲᠡᠳᠡᠨ ᠣ ᠴᠢᠨᠠᠷᠲᠠᠢ ᠪᠠᠷᠢᠯᠭ᠎ᠠ ᠶ᠋ᠢᠨ ᠨᠢᠭᠤᠴᠠ ᠨᠢ ᠶᠡᠷᠦ ᠳ᠋ᠦ ᠪᠡᠨ ᠰᠤᠷᠭᠠᠯᠲᠠ ᠃ ᠡᠷᠳᠡᠮᠲᠡᠨ ᠂ ᠰᠤᠳᠤᠯᠤᠭᠠᠴᠢᠳ ᠤᠨ ᠢᠶᠡᠨ ᠰᠢᠨ᠎ᠡ ᠲᠧᠭᠨᠣᠯᠣᠭᠢ ᠂ ᠪᠦᠲᠦᠭᠡᠯ ᠢ ᠤᠯᠤᠰ ᠨᠢ ᠳᠡᠮᠵᠢᠳᠡᠭ ᠃ ᠶᠡᠬᠡ ᠰᠤᠷᠭᠠᠭᠤᠯᠢ ᠳᠤ ᠲᠦᠰᠢᠭᠯᠡᠭᠰᠡᠨ ᠂ ᠪᠠᠷᠢᠯᠭ᠎ᠠ ᠶ᠋ᠢᠨ ᠢᠨᠵᠧᠨᠧᠷ ᠦᠳ ᠲᠦ ᠵᠣᠷᠢᠭᠤᠯᠤᠭᠰᠠᠨ ᠰᠤᠳᠤᠯᠭ᠎ᠠ ᠂ ᠰᠢᠨᠵᠢᠯᠡᠭᠡᠨ ᠣ ᠪᠦᠬᠦᠯᠢ ᠪᠦᠲᠦᠨ ᠯᠠᠪᠣᠷᠠᠲ᠋ᠣᠷᠢ ᠢᠨᠰᠲ᠋ᠢᠲ᠋ᠤᠲ ᠪᠠᠶᠢᠨ᠎ᠠ ᠃