ᠪ᠊·ᠪᠠᠲᠤᠪᠣᠯᠣᠳ᠄  ᠵᠠᠰᠠᠭᠤᠯ ᠪᠣᠯ ᠮᠠᠯᠠᠭᠠᠢ ᠪᠠᠷᠢᠵᠤ ᠵᠣᠭᠰᠣᠳᠠᠭ ᠮᠠᠨᠤᠤᠬᠠᠢ ᠪᠢᠰᠢ | News.MN

ᠪ᠊·ᠪᠠᠲᠤᠪᠣᠯᠣᠳ᠄  ᠵᠠᠰᠠᠭᠤᠯ ᠪᠣᠯ ᠮᠠᠯᠠᠭᠠᠢ ᠪᠠᠷᠢᠵᠤ ᠵᠣᠭᠰᠣᠳᠠᠭ ᠮᠠᠨᠤᠤᠬᠠᠢ ᠪᠢᠰᠢ

ᠮᠣᠩᠭᠣᠯ ᠤᠨ ᠤᠷᠲᠤ ᠶ᠋ᠢᠨ  ᠳᠠᠭᠤᠤ ᠶᠢᠨ ᠬᠣᠯᠪᠣᠭᠠᠨ ᠤ ᠲᠡᠷᠢᠭᠦᠨ᠂ ᠰᠣᠶᠣᠯ ᠤᠷᠠᠯᠢᠭ ᠤᠨ ᠶᠡᠬᠡ ᠰᠤᠷᠭᠠᠭᠤᠯᠢ ᠶ᠋ᠢᠨ ᠪᠠᠭᠰᠢ᠂ ᠦᠨᠳᠦᠰᠦᠨ ‍ᠣ ᠪᠥᠬᠡ ᠶ᠋ᠢᠨ ᠮᠠᠩᠯᠠᠢ ᠵᠠᠰᠠᠭᠤᠯ ᠂ ᠪᠥᠬᠡ ᠶ᠋ᠢᠨ ᠴᠣᠯᠠ ᠳᠠᠭᠤᠳᠠᠭᠠᠴᠢ ᠂ ᠭᠠᠪᠢᠶᠠᠲᠤ ᠵᠦᠴᠦᠭᠡᠴᠢᠨ᠂ ᠤᠷᠲᠤ ᠶ᠋ᠢᠨ ᠳᠠᠭᠤᠴᠢᠨ ᠪᠠᠰᠠᠩᠬᠦᠦ ᠶ᠋ᠢᠨ ᠪᠠᠲᠤᠪᠣᠯᠣᠳ ᠲᠠᠢ ᠶᠠᠷᠢᠯᠴᠠᠯ᠎ᠠ ᠃

 ᠦᠨᠳᠦᠰᠦᠨ ‍ᠣ ᠪᠥᠬᠡ ᠶ᠋ᠢᠨ ᠴᠣᠯᠠ ᠳᠠᠭᠤᠳᠠᠬᠤ ᠤᠯᠤᠰ ᠤᠨ ᠤᠷᠤᠯᠳᠤᠭᠠᠨ ᠳᠤ ᠣᠷᠣᠯᠴᠠᠭᠠᠳ ᠬᠡᠳᠦᠨᠲᠡ ᠲᠦᠷᠦᠭᠦᠯᠡᠵᠦ ᠪᠠᠶᠢᠭᠰᠠᠨ ᠰᠠᠨᠠᠭᠳᠠᠨ᠎ᠠ᠃

 ᠲᠡᠶᠢᠮᠦ ᠡ᠂ 1999 ᠣᠨ ᠳᠤ ᠲᠡᠷᠢᠭᠦᠨ ᠪᠠᠶᠢᠷᠢ ᠡᠵᠡᠯᠡᠵᠦ᠂ 2003᠂ 2006 ᠣᠨ ᠳᠤ ᠤᠯᠤᠰ ᠤᠨ ᠶᠡᠬᠡ ᠪᠠᠶᠠᠷ ᠨᠠᠭᠠᠳᠤᠮ ᠤᠨ ᠰᠢᠯᠢᠳᠡᠭ ᠪᠥᠬᠡ ᠴᠣᠯᠠᠯᠠᠭᠠᠴᠢ ᠪᠣᠯᠣᠭᠰᠠᠨ ᠃ ᠪᠢ 2011 ᠣᠨ ᠳᠤ ᠦᠨᠳᠦᠰᠦᠨ ‍ᠣ ᠪᠥᠬᠡ ᠶ᠋ᠢᠨ ᠵᠡᠭᠦᠨ ᠲᠠᠯ᠎ᠠ ᠶ᠋ᠢᠨ ᠲᠡᠷᠢᠭᠦᠨ ᠮᠠᠩᠨᠠᠢ᠂ 2012 ᠣᠨ ᠳᠤ ᠮᠣᠩᠭᠣᠯ ᠤᠯᠤᠰ ᠤᠨ ᠮᠠᠩᠯᠠᠢ ᠵᠠᠰᠠᠭᠤᠯ ᠴᠣᠯᠠ ᠬᠦᠷᠲᠡᠪᠡ᠃ ᠲᠤᠬᠠᠢ ᠶ᠋ᠢᠨ ᠦᠶ᠎ᠡ ᠳ᠋ᠥ ᠪᠥᠬᠡ ᠶ᠋ᠢᠨ ᠴᠣᠯᠠ ᠳᠠᠭᠤᠳᠠᠬᠤ ᠤᠷᠤᠯᠳᠤᠭᠠᠨ ᠤ ᠰᠡᠭᠦᠯᠴᠢ ᠶ᠋ᠢᠨ ᠰᠢᠯᠭᠠᠷᠠᠭᠤᠯᠤᠯᠲᠠ ᠳ᠋ᠤ ᠦᠯᠡᠳᠡᠭᠰᠡᠨ ᠵᠢᠷᠭᠤᠭᠠᠨ ᠬᠥᠮᠥᠨ ᠢ ᠰᠫᠣᠷᠲ ᠤᠨ ᠲᠥᠪ ᠣᠷᠳᠣᠨ ᠳᠤ ᠪᠣᠯᠣᠭᠰᠠᠨ ᠪᠥᠬᠡ ᠶ᠋ᠢᠨ ᠪᠠᠷᠢᠯᠳᠤᠭᠠᠨ ᠳ᠋ᠤ ᠪᠥᠬᠡ ᠴᠣᠯᠠᠯᠠᠭᠤᠯᠤᠭᠰᠠᠨ ᠶᠤᠮ᠃ ᠲᠡᠷᠡ ᠪᠠᠷᠢᠯᠳᠤᠭᠠᠨ ᠳ᠋ᠤ ᠪᠢ ᠤᠯᠤᠰ ᠤᠨ ᠵᠠᠭᠠᠨ ᠷ᠊·ᠳᠠᠸᠠᠨᠢᠮ᠎ᠠ᠂ ᠤᠯᠤᠰ ᠤᠨ ᠭᠠᠷᠤᠳᠢ ᠳ᠋᠊· ᠪᠠᠶᠠᠷ ᠤᠨ ᠴᠣᠯᠠ ᠶ᠋ᠢ ᠳᠠᠭᠤᠳᠠᠭᠰᠠᠨ ᠃ ᠣᠯᠠᠨ ᠵᠢᠯ ᠪᠥᠬᠡ ᠶ᠋ᠢᠨ ᠵᠠᠰᠠᠭᠤᠯ ᠬᠢᠭᠰᠡᠨ ᠬᠦᠮᠦᠰ ᠲᠠᠢ ᠥᠷᠢᠰᠦᠯᠳᠦᠵᠦ᠂ ᠳᠥᠷᠪᠡᠳᠦᠭᠡᠷ ᠪᠠᠶᠢᠷᠢ ᠳᠤ ᠰᠢᠯᠭᠠᠷᠠᠬᠤ ᠳ᠋ᠤ ᠦᠵᠡᠭᠴᠢᠳ︽ᠪᠦᠬᠡ ᠴᠣᠯᠠᠯᠠᠭᠠᠴᠢ ᠵᠠᠯᠠᠭᠤ ᠲᠦᠷᠦᠯ᠎ᠡ︾ ᠭᠡᠵᠦ ᠠᠯᠠᠭ᠎ᠠ ᠲᠠᠰᠢᠨ᠂ ᠤᠷᠮ᠎ᠠ ᠥᠭᠴᠦ ᠪᠢᠯᠡ᠃ ᠪᠠᠭᠰᠢ ︽ᠪ᠊·ᠪᠠᠲᠤᠪᠣᠯᠣᠳ ᠢ ᠵᠡᠭᠦᠨ ᠦ ᠮᠠᠩᠨᠠᠢ ᠳᠦ ᠭᠠᠷᠭᠠᠵᠤ ᠪᠣᠯᠣᠨ᠎ᠠ︾ ᠭᠡᠵᠦ ᠬᠡᠯᠡᠭᠰᠡᠨ ᠢᠶ᠋ᠡᠷ ᠵᠢᠯ ᠪᠦᠷᠢ ᠶ᠋ᠢᠨ ᠪᠠᠶᠠᠷ ᠨᠠᠭᠠᠳᠤᠮ ᠢᠶᠠᠷ ᠵᠡᠭᠦᠨ ᠦ ᠮᠠᠩᠨᠠᠢ ᠳᠦ ᠵᠣᠭᠰᠣᠳᠠᠭ ᠪᠣᠯᠣᠭᠰᠠᠨ᠃ ᠪᠢ ᠬᠡᠳᠦᠢ ᠮᠠᠩᠯᠠᠢ ᠵᠠᠰᠠᠭᠤᠯ ᠪᠣᠯᠣᠭᠰᠠᠨ ᠴᠦ ᠠᠬᠠᠮᠠᠳ ᠤᠳ ᠡᠴᠠ ᠪᠠᠨ ᠰᠤᠷᠤᠯᠴᠠᠭᠰᠠᠭᠠᠷ ᠯᠡ ᠶᠠᠪᠤᠭ᠎ᠠ᠃

 ᠪᠥᠬᠡ ᠳ᠋ᠦ ᠪᠡᠨ ᠵᠥᠪᠯᠡᠵᠦ᠂ ᠪᠠᠷᠢᠯᠳᠤᠭᠠᠨ ᠤ ᠮᠡᠬᠡ ᠵᠢᠭᠠᠬᠤ᠂ ᠰᠡᠳᠬᠢᠯ  ᠵᠣᠷᠢᠭ ᠢ ᠨᠢ ᠬᠤᠷᠴᠠᠯᠠᠬᠤ ᠭᠡᠳ ᠵᠠᠰᠠᠭᠤᠯ ᠬᠥᠮᠥᠨ ‍ᠣ ᠡᠭᠦᠷᠭᠡ ᠶᠡᠬᠡ᠃ ᠵᠡᠭᠦᠨ ᠦ ᠮᠠᠩᠨᠠᠢ ᠳᠤ ᠴᠣᠯᠠ ᠳᠠᠭᠤᠳᠠᠳᠠᠭ ᠲᠠᠨ ᠤ  ᠮᠦᠷᠦᠨ ᠳᠡᠭᠡᠷ᠎ᠡ ᠡᠴᠡ ᠤᠯᠤᠰ ᠤᠨ ᠠᠪᠤᠷᠭᠤ᠂ ᠠᠷᠰᠯᠠᠨ ᠴᠤᠯᠠᠲᠠᠳ ᠲᠥᠷᠥᠭᠰᠡᠨ ᠳ᠋ᠡ ᠃

 ᠨᠠᠭᠠᠳᠤᠮ ᠳᠤ ᠬᠡᠨ ᠲᠦᠷᠦᠭᠦᠯᠡᠬᠦ ᠶ᠋ᠢ ᠲᠠᠭᠠᠬᠤ ᠠᠷᠭ᠎ᠠ ᠦᠭᠡᠢ ᠃ ᠵᠠᠰᠠᠭᠤᠯ ᠬᠥᠮᠥᠨ ᠪᠥᠬᠡ ᠶ᠋ᠢᠨ ᠢᠶ᠋ᠡᠨ ᠪᠠᠭᠰᠢ᠂ ᠵᠥᠪᠯᠡᠭᠴᠢ᠂ ᠰᠢᠭᠦᠭᠴᠢ ᠨᠢ᠃ ᠶᠠᠮᠠᠷ ᠴᠦ ᠵᠠᠰᠠᠭᠤᠯ ᠴᠣᠯᠠ ᠶ᠋ᠢ ᠨᠢ ᠳᠠᠭᠤᠳᠠᠭᠰᠠᠨ ᠪᠥᠬᠡ ᠪᠡᠨ ᠲᠠᠭᠠᠷᠠᠤ ᠪᠠᠷᠢᠯᠳᠤᠭᠠᠰᠠᠢ ᠭᠡᠵᠦ ᠪᠣᠳᠣᠬᠤ ᠦᠭᠡᠢ ᠃ ᠲᠡᠶᠢᠮᠦ ᠳ᠋ᠦ ᠪᠡᠨ ᠴᠦ ᠵᠠᠩ ᠢ ᠨᠢ ᠰᠠᠶᠢᠨ ᠮᠡᠳᠡᠳᠡᠭ ᠪᠠᠶᠢᠬᠤ ᠶᠣᠰᠣᠲᠠᠢ ᠃ ᠮᠢᠨᠤ ᠮᠦᠷᠦᠨ ᠳᠡᠭᠡᠷ᠎ᠡ ᠡᠴᠡ ᠤᠯᠤᠰ ᠤᠨ ᠠᠷᠰᠯᠠᠨ ᠴᠣᠯᠠ ᠬᠦᠷᠲᠡᠵᠦ ᠪᠠᠶᠢᠯ᠎ᠠ ᠃ ᠮᠢᠨᠤ ᠮᠦᠷᠦᠨ ᠳᠡᠭᠡᠷ᠎ᠡ ᠡᠴᠡ ᠰ᠊·ᠮᠦᠩᠬᠡᠪᠠᠲᠤ ᠂ ᠴ᠊·ᠰᠠᠩᠵᠠᠶᠢᠳᠠᠮᠪᠠ ᠤᠯᠤᠰ ᠤᠨ ᠠᠪᠤᠷᠭᠤ ᠂ ᠨ᠊·ᠪᠠᠲᠤᠰᠠᠭᠤᠷᠢ ᠂ ᠴ᠊·ᠰᠣᠳᠨᠠᠮᠳᠣᠷᠵᠢ ᠨᠠᠷ ᠠᠷᠰᠯᠠᠨ ᠴᠣᠯᠠ ᠬᠦᠷᠲᠡᠭᠰᠡᠨ᠃ ᠪᠠᠷᠢᠯᠳᠤᠭᠠᠨ ᠪᠣᠯᠭᠠᠨ ᠳ᠋ᠤ ᠰ᠊· ᠮᠦᠩᠬᠡᠪᠠᠲᠤ ︽ᠠᠬ᠎ᠠ ᠶ᠋ᠢᠨ ᠮᠦᠷᠦᠨ ᠳᠡᠭᠡᠷ᠎ᠡ ᠡᠴᠡ ᠭᠠᠷᠬᠤ ᠰᠠᠶᠢᠬᠠᠨ ᠪᠠᠶᠢᠳᠠᠭ︾ ᠭᠡᠳᠡᠭ ᠶᠤᠮ ᠃

ᠰᠡᠳᠬᠢᠭᠳᠡᠯ ᠦᠯᠡᠳᠡᠭᠡᠬᠦ