ᠮᠠᠨ ᠤ ᠤᠯᠤᠰ ᠲᠤ 16 ᠳ᠋ᠡᠬᠢ ᠲᠣᠬᠢᠶᠠᠯᠳᠤᠯ ᠪᠦᠷᠢᠳᠬᠡᠭᠳᠡᠯ᠎ᠡ | News.MN

ᠮᠠᠨ ᠤ ᠤᠯᠤᠰ ᠲᠤ 16 ᠳ᠋ᠡᠬᠢ ᠲᠣᠬᠢᠶᠠᠯᠳᠤᠯ ᠪᠦᠷᠢᠳᠬᠡᠭᠳᠡᠯ᠎ᠡ

ᠡᠷᠡᠭᠦᠯ ᠮᠡᠨᠳᠦ ᠶ᠋ᠢᠨ ᠶᠠᠮᠤᠨ ᠤ ᠬᠡᠯᠲᠡᠰ ᠦᠨ ᠳᠠᠷᠤᠭ᠎ᠠ ᠳ᠋᠊ ·ᠨᠠᠷᠠᠩᠡᠷᠡᠯ ᠄ ᠮᠠᠨ ᠤ ᠤᠯᠤᠰ ᠲᠤ ᠭᠠᠳᠠᠭᠠᠳᠤ ᠡᠴᠠ ᠵᠥᠭᠡᠭᠡᠪᠦᠷᠢᠯᠡᠭᠳᠡᠨ ᠢᠷᠡᠭᠰᠡᠨ 15 ᠲᠣᠬᠢᠶᠠᠯᠳᠤᠯ ᠪᠠᠲᠤᠯᠠᠭᠳᠠᠵᠤ ᠂ ᠡᠭᠦᠨ ᠡᠴᠡ ᠳᠥᠷᠪᠡᠨ ᠬᠥᠮᠥᠨ ᠡᠳᠡᠭᠡᠷᠡᠵᠦ ᠡᠮᠨᠡᠯᠭᠡ ᠡᠴᠡ ᠠᠵᠢᠭᠯᠠᠯᠲᠠ ᠶ᠋ᠢᠨ ᠪᠠᠶᠢᠷᠢᠨ ᠳᠤ ᠰᠢᠯᠵᠢᠭᠡᠳ ᠪᠠᠶᠢᠨ᠎ᠠ ᠃ ᠥᠴᠥᠭᠡᠳᠦᠷ ᠲᠤᠰᠠᠭᠠᠷᠯᠠᠨ ᠠᠵᠢᠭᠯᠠᠯᠲᠠ ᠡᠴᠠ ᠭᠠᠷᠤᠭᠰᠠᠨ 92 ᠬᠥᠮᠥᠨ ᠭᠡᠷ ᠤᠨ ᠲᠤᠰᠠᠭᠠᠷᠯᠠᠯᠲᠠ ᠳ᠋ᠤ ᠰᠢᠯᠵᠢᠭᠰᠡᠨ ᠃

ᠮᠠᠨ ᠤ ᠤᠯᠤᠰ ᠤᠨ ᠪᠠᠭᠲᠠᠳᠠᠭ ᠨᠣᠮᠣᠬᠠᠨ ᠳᠠᠯᠠᠢ ᠶ᠋ᠢᠨ ᠪᠠᠷᠠᠭᠤᠨ ᠡᠷᠭᠢ ᠶ᠋ᠢᠨ ᠪᠦᠰᠡ ᠳ᠋ᠥ COVID-19 ᠬᠠᠯᠳᠠᠪᠤᠷᠢ ᠶ᠋ᠢᠨ ᠨᠢᠭᠡᠳᠦᠭᠡᠷ ᠳᠠᠪᠠᠯᠭ᠎ᠠ ᠶᠠᠪᠤᠵᠤ ᠳᠠᠭᠤᠰᠤᠭᠠᠳ ᠬᠣᠶᠠᠳᠤᠭᠠᠷ ᠳᠠᠪᠠᠯᠭ᠎ᠠ ᠡᠸᠦ᠋ᠷᠦᠫᠡ ᠂ ᠠᠽᠢᠶ᠎ᠠ ᠶ᠋ᠢᠨ ᠣᠷᠣᠨ ᠨᠣᠭᠣᠳ ᠡᠴᠠ ᠢᠷᠠᠵᠤ ᠪᠠᠶᠢᠭ᠎ᠠ ᠶ᠋ᠢ ᠠᠩᠬᠠᠷᠤᠭᠤᠯᠵᠤ ᠪᠠᠶᠢᠨ᠎ᠠ ᠃ ᠬᠢᠲᠠᠳ ᠲᠤ ᠨᠢᠭᠡ ᠬᠣᠨᠣᠭ ᠲᠤ ᠯᠡ 50 ᠭᠠᠷᠤᠢ ᠬᠠᠯᠳᠠᠪᠤᠷᠢ ᠲᠠᠢ ᠲᠣᠬᠢᠶᠠᠯᠳᠤᠯ ᠭᠠᠳᠠᠨ᠎ᠠ ᠡᠴᠠ ᠵᠥᠭᠡᠭᠡᠪᠦᠷᠢᠯᠡᠭᠳᠡᠨ ᠣᠷᠣᠵᠤ ᠢᠷᠠᠵᠤ ᠪᠠᠶᠢᠭ᠎ᠠ ᠨᠢ ᠡᠭᠦᠨ ᠢ ᠪᠠᠲᠤᠯᠠᠨ ᠬᠠᠷᠠᠭᠤᠯᠵᠤ ᠪᠠᠶᠢᠭ᠎ᠠ ᠶᠤᠮ  ᠭᠡᠯ᠎ᠡ ᠃

ᠬᠠᠯᠳᠠᠪᠤᠷᠢᠲᠤ ᠡᠪᠡᠳᠴᠢᠨ ᠰᠤᠳᠤᠯᠤᠯ ᠤᠨ ᠦᠨᠳᠦᠰᠦᠨ ᠦ ᠲᠦᠪ ᠤᠨ ᠵᠠᠬᠢᠷᠤᠯ ᠳ᠋᠊ · ᠨᠢᠮᠠᠬᠦᠦ ᠄  ᠬᠣᠶᠢᠲᠤ ᠬᠢᠯᠢ ᠪᠡᠷ ᠭᠤᠷᠪᠠᠳᠤᠭᠠᠷ ᠰᠠᠷ᠎ᠠ ᠶ᠋ᠢᠨ 26  27 ᠳ᠋ᠥ ᠰᠢᠯᠵᠢᠬᠦ ᠰᠥᠨᠢ ᠣᠷᠣᠵᠤ ᠢᠷᠡᠭᠰᠡᠨ ᠢᠷᠭᠡᠨ ‍ᠣ ᠳᠠᠪᠲᠠᠨ ᠰᠢᠨᠵᠢᠯᠡᠭᠡᠨ ᠡᠴᠡ ᠺᠣᠷᠣᠨᠠ ᠸᠢᠷᠦ᠋ᠰ ᠢᠯᠡᠷᠡᠯ᠎ᠡ ᠃ ᠢᠩᠭᠢᠭᠰᠡᠨ ᠢᠶ᠋ᠡᠷ ᠮᠠᠨ ᠤ ᠤᠯᠤᠰ ᠲᠤ ᠺᠣᠷᠣᠨᠠ ᠸᠢᠷᠦ᠋ᠰ ᠦᠨ 16 ᠳ᠋ᠡᠬᠢ ᠲᠣᠬᠢᠶᠠᠯᠳᠤᠯ ᠪᠦᠷᠢᠳᠬᠡᠭᠳᠡᠵᠦ ᠪᠠᠶᠢᠨ᠎ᠠ ᠃ ᠨᠢᠭᠡ ᠰᠠᠶᠢᠨ ᠮᠡᠳᠡᠭᠡ ᠨᠢ ︽ᠠᠸᠢᠭᠠᠨ︾  ᠭᠡᠳ ᠡᠨᠡ ᠸᠢᠷᠦ᠋ᠰ ᠲᠦ ᠵᠣᠷᠢᠭᠤᠯᠤᠨ ᠦᠢᠯᠡᠳᠪᠦᠷᠢᠯᠡᠭᠰᠡᠨ ᠡᠮ ᠢ ᠡᠷᠡᠭᠦᠯ ᠮᠡᠨᠳᠦ ᠶᠢᠨ ᠰᠠᠶᠢᠳ ᠳ᠋᠊·ᠰᠠᠷᠠᠩᠭᠡᠷᠡᠯ ᠶᠠᠫᠤᠨ ᠤᠯᠤᠰ ᠡᠴᠠ ᠵᠠᠬᠢᠶᠠᠯᠠᠵᠤ ᠠᠪᠴᠢᠷᠠᠭᠠᠳ ᠬᠠᠯᠳᠠᠪᠤᠷᠢᠲᠤ ᠡᠪᠡᠳᠴᠢᠨ ᠰᠤᠳᠤᠯᠤᠯ ᠤᠨ ᠦᠨᠳᠦᠰᠦᠨ ‍ᠣ ᠲᠥᠪ ᠲᠤ ᠡᠮᠴᠢᠯᠡᠭᠡᠨ ᠳ᠋ᠥ ᠬᠡᠷᠡᠭᠯᠡᠵᠦ ᠡᠬᠢᠯᠡᠭᠰᠡᠨ ᠃ ᠡᠮ ᠢ ᠬᠤᠷᠳᠤᠨ ᠠᠪᠤᠭᠰᠠᠨ ᠃ ᠡᠨᠡ ᠨᠢ ᠺᠣᠷᠣᠨᠠ ᠸᠢᠷᠦ᠋ᠰ  ᠤᠨ ᠡᠰᠡᠷᠭᠦ ᠬᠡᠷᠡᠭᠯᠡᠬᠦ ᠬᠠᠮᠤᠭ ᠤᠨ ᠰᠡᠭᠦᠯ ᠤᠨ ᠦᠶ᠎ᠡ ᠶ᠋ᠢᠨ ᠡᠮ ᠭᠡᠪᠡ ᠃

ᠰᠡᠳᠬᠢᠭᠳᠡᠯ ᠦᠯᠡᠳᠡᠭᠡᠬᠦ