ᠠᠯᠪᠠ ᠬᠠᠭᠠᠭᠴᠢᠳ ᠢᠶᠡᠨ ᠳᠤᠭᠤᠶᠢᠵᠢᠭᠤᠯᠬᠤ ᠠᠵᠢᠯ ᠵᠣᠬᠢᠶᠠᠨ ᠪᠠᠶᠢᠭᠤᠯᠵᠠᠢ | News.MN

ᠠᠯᠪᠠ ᠬᠠᠭᠠᠭᠴᠢᠳ ᠢᠶᠡᠨ ᠳᠤᠭᠤᠶᠢᠵᠢᠭᠤᠯᠬᠤ ᠠᠵᠢᠯ ᠵᠣᠬᠢᠶᠠᠨ ᠪᠠᠶᠢᠭᠤᠯᠵᠠᠢ

 

︽ᠬᠣᠣᠷᠲᠤ ᠵᠤᠷᠰᠢᠯ ᠦᠭᠡᠢ  ᠡᠷᠡᠭᠦᠯ ᠪᠡᠶ᠎ᠡ︾ ᠠᠶᠠᠨ ᠤ ᠬᠦᠷᠢᠶᠡᠨ ᠳ᠋ᠥ ᠪᠠᠶᠠᠨᠬᠣᠩᠭᠣᠷ ᠠᠶᠢᠮᠠᠭ ᠤᠨ ᠴᠠᠭᠳᠠᠭ᠎ᠠ ᠶ᠋ᠢᠨ ᠭᠠᠵᠠᠷ ᠠᠯᠪᠠ ᠬᠠᠭᠠᠭᠴᠢᠳ ᠤᠨ ᠢᠶᠡᠨ ᠪᠡᠯᠡᠳᠬᠡᠯᠵᠢᠯᠲᠡ ᠶ᠋ᠢᠨ ᠲᠦᠪᠰᠢᠨ ᠢ ᠠᠬᠢᠭᠤᠯᠬᠤ ᠂ ᠬᠣᠣᠷᠲᠤ ᠵᠤᠷᠰᠢᠯ ᠡᠴᠠ ᠠᠩᠭᠢᠳᠠ ᠪᠠᠶᠢᠯᠭᠠᠬᠤ ᠵᠣᠷᠢᠯᠭ᠎ᠠ ᠪᠡᠷ  ᠳᠤᠭᠤᠶᠢᠵᠢᠭᠤᠯᠬᠤ ᠠᠵᠢᠯ ᠢ ᠦᠶ᠎ᠡ ᠱᠠᠲᠤ ᠲᠠᠢ ᠪᠡᠷ ᠵᠣᠬᠢᠶᠠᠨ ᠪᠠᠶᠢᠭᠤᠯᠵᠤ ᠪᠤᠢ ᠃

ᠲᠡᠭᠡᠪᠡᠯ ᠲᠤᠰ ᠠᠯᠪᠠᠨ ᠡᠴᠠ ᠮᠸᠷᠢᠳᠠ ᠺᠣᠮᠫᠠᠨᠢ ᠲᠠᠢ ᠬᠠᠮᠲᠤᠷᠠᠨ ᠠᠵᠢᠯᠯᠠᠬᠤ ᠭᠡᠷ᠎ᠡ ᠶ᠋ᠢᠨ ᠳᠠᠭᠠᠤ 41 ᠠᠯᠪᠠ ᠬᠠᠭᠠᠭᠴᠢ ᠳᠤ ᠬᠥᠩᠭᠡᠯᠡᠯᠲᠡ ᠲᠠᠢ ᠦᠨ᠎ᠡ ᠪᠡᠷ ᠤᠨᠤᠳᠠᠭ ᠳᠤᠭᠤᠢ ᠣᠯᠭᠣᠯ᠎ᠠ ᠃  ᠮᠦᠨ ᠤᠨᠤᠳᠠᠭ ᠳᠤᠭᠤᠢ ᠶ᠋ᠢᠨ ᠰᠲ᠋ᠠᠨᠳᠠᠷᠲ ᠪᠦᠬᠦᠢ ᠬᠤᠶᠠᠳᠠᠬᠢ ᠵᠣᠭᠰᠣᠭᠠᠯ ᠢ ᠪᠠᠶᠢᠭᠤᠯᠵᠤ ᠂ ᠨᠡᠭᠡᠭᠡᠯᠲᠡ ᠶ᠋ᠢᠨ ᠦᠢᠯᠡ ᠠᠵᠢᠯᠯᠠᠭ᠎ᠠ ᠶ᠋ᠢ ᠵᠣᠬᠢᠶᠠᠨ ᠪᠠᠶᠢᠭᠤᠯᠵᠠᠢ ᠃ ᠲᠡᠳᠡ ᠠᠯᠪᠠ ᠬᠠᠭᠠᠭᠴᠢᠳ ᠤᠨ ᠪᠡᠶ᠎ᠡ ᠶ᠋ᠢᠨ ᠳᠠᠷᠬᠠᠯᠠᠭ᠎ᠠ ᠶ᠋ᠢ ᠳᠡᠮᠵᠢᠬᠦ ᠂ ᠴᠢᠯᠦᠭᠡᠲᠦ ᠴᠠᠭ ᠢ ᠵᠥᠪ ᠪᠣᠯᠪᠠᠰᠤᠨ ᠥᠩᠭᠡᠷᠡᠭᠦᠯᠬᠦ ᠵᠣᠷᠢᠯᠭ᠎ᠠ ᠪᠡᠷ ︽ᠡᠷᠡᠭᠦᠯ ᠠᠭᠠᠷ ᠡᠮ ︾ 14 ᠺᠢᠯᠣᠮᠧᠲ᠋ᠷ ᠤᠨᠤᠳᠠᠭ ᠳᠤᠭᠤᠢ ᠶ᠋ᠢᠨ ᠠᠶᠠᠯᠠᠯ ᠵᠣᠬᠢᠶᠠᠨ ᠪᠠᠶᠢᠭᠤᠯᠤᠨ᠂ ᠠᠮᠠᠨ ᠤ ᠬᠠᠭᠠᠯᠲᠠ ᠲᠠᠷᠠᠭᠠᠵᠤ ᠂ ᠬᠠᠯᠠᠭᠤᠨ ᠴᠠᠢ ᠂ ᠴᠢᠴᠠᠷᠭᠠᠨ᠎ᠠ ᠪᠠᠷ ᠦᠢᠯᠡᠴᠢᠯᠡᠭᠰᠡᠨ ᠪᠠᠶᠢᠨ᠎ᠠ ᠃

ᠰᠡᠳᠬᠢᠭᠳᠡᠯ ᠦᠯᠡᠳᠡᠭᠡᠬᠦ