ᠬᠥᠮᠥᠨ ᠠᠮᠠ ᠶ᠋ᠢᠨ ᠳᠤᠮᠳᠠᠴᠢ ᠨᠠᠰᠤᠯᠠᠯᠲᠠ 7.4 ᠵᠢᠯ ᠢᠶ᠋ᠡᠷ ᠨᠡᠮᠡᠭᠳᠡᠵᠡᠢ | News.MN

ᠬᠥᠮᠥᠨ ᠠᠮᠠ ᠶ᠋ᠢᠨ ᠳᠤᠮᠳᠠᠴᠢ ᠨᠠᠰᠤᠯᠠᠯᠲᠠ 7.4 ᠵᠢᠯ ᠢᠶ᠋ᠡᠷ ᠨᠡᠮᠡᠭᠳᠡᠵᠡᠢ

 

ᠮᠣᠩᠭᠣᠯ ᠤᠯᠤᠰ ᠤᠨ ᠬᠥᠮᠥᠨ ᠠᠮᠠ ᠶ᠋ᠢᠨ ᠳᠤᠮᠳᠠᠴᠢ ᠨᠠᠰᠤᠯᠠᠯᠲᠠ ᠰᠡᠭᠦᠯ  ᠤᠨ 26 ᠵᠢᠯ  ᠤᠨ ᠬᠤᠭᠤᠴᠠᠭᠠᠨ ᠳᠤ 7.4 ᠵᠢᠯ ᠢᠶ᠋ᠡᠷ ᠨᠡᠮᠡᠭᠳᠡᠵᠦ ᠂ 70.2 ᠪᠣᠯᠣᠭᠰᠠᠨ ᠲᠠᠯ᠎ᠠ ᠪᠡᠷ ᠵᠸᠨ᠋ᠳ᠋ᠸᠷ ᠤᠨ ᠦᠨᠳᠦᠰᠦᠨ ‍ᠣ ᠬᠣᠷᠢᠶ᠎ᠠ ᠂ ᠦᠨᠳᠦᠰᠦᠨ ‍ᠣ ᠰᠲ᠋ᠠᠲ᠋ᠢᠰᠲ᠋ᠢᠺ ᠤᠨ ᠬᠣᠷᠢᠶᠠᠨ ᠤ ᠬᠠᠮᠲᠤᠷᠠᠨ ᠭᠠᠷᠭᠠᠭᠰᠠᠨ 2020 ᠣᠨ ᠤ ︽ᠵᠸᠨ᠋ᠳ᠋ᠸᠷ ᠤᠨ ᠰᠠᠭᠤᠷᠢ ᠰᠤᠳᠤᠯᠭᠠᠨ ᠤ ᠲᠠᠶᠢᠯᠤᠨ︾ ᠳ᠋ᠥ ᠳᠤᠷᠠᠳᠴᠠᠢ ᠃

ᠡᠷᠡᠭᠲᠡᠶᠢᠴᠦᠳ ᠤᠨ ᠡᠷᠡᠭᠦᠯ ᠮᠡᠨᠳᠦ ᠂ ᠡᠪᠡᠳᠴᠢᠯᠡᠯ ᠡᠴᠡ ᠤᠷᠢᠳᠴᠢᠯᠠᠨ ᠰᠡᠷᠭᠡᠶᠢᠯᠡᠬᠦ ᠮᠡᠳᠡᠯᠭᠡ ᠬᠠᠨᠳᠤᠯᠭ᠎ᠠ ᠶ᠋ᠢᠨ ᠲᠠᠯ᠎ᠠ ᠪᠡᠷ ᠲᠤᠰᠬᠠᠶᠢᠯᠠᠭᠰᠠᠨ ᠰᠤᠳᠤᠯᠭᠠᠨ ᠬᠣᠪᠣᠷ ᠪᠠᠶᠢᠳᠠᠭ ᠃ ᠡᠶᠢᠮᠦ ᠡᠴᠡ ᠵᠢᠯ ᠪᠦᠷᠢ ᠭᠠᠷᠭᠠᠳᠠᠭ ᠤᠭ  ᠰᠤᠳᠤᠯᠭᠠᠨ ᠢ ᠡᠨᠡ ᠣᠨ ᠳᠦ ᠡᠷᠡᠭᠲᠡᠶᠢᠴᠦᠳ ᠤᠨ ᠡᠷᠡᠭᠦᠯ ᠮᠡᠨᠳᠦ ᠪᠡᠨ ᠬᠠᠮᠠᠭᠠᠯᠠᠬᠤ ᠂ ᠡᠪᠡᠳᠴᠢᠯᠡᠯ ᠡᠴᠡ ᠤᠷᠢᠳᠴᠢᠯᠠᠨ ᠰᠡᠷᠭᠡᠶᠢᠯᠡᠬᠦ ᠮᠡᠳᠡᠯᠭᠡ ᠂ ᠬᠠᠨᠳᠤᠯᠭ᠎ᠠ ᠶ᠋ᠢᠨ ᠲᠠᠯ᠎ᠠ ᠪᠡᠷ ᠂ ᠡᠷᠡᠭᠲᠡᠢ ᠂ ᠡᠮᠡᠭᠲᠡᠶᠢᠴᠦᠳ ᠤᠨ ᠳᠤᠮᠳᠠᠴᠢ ᠨᠠᠰᠤᠯᠠᠯᠲᠠ ᠶ᠋ᠢᠨ ᠵᠦᠷᠢᠶ᠎ᠡ ᠶᠡᠬᠡ ᠪᠠᠶᠢᠭ᠎ᠠ ᠰᠢᠯᠲᠠᠭᠠᠨ ᠢ ᠲᠣᠳᠣᠷᠬᠠᠶᠢᠯᠠᠬᠤ ᠳᠦ ᠴᠢᠭᠯᠡᠭᠦᠯᠦᠭᠰᠡᠨ ᠪᠠᠶᠢᠨ᠎ᠠ ᠃ ᠰᠤᠳᠤᠯᠭᠠᠨ ᠢᠶᠠᠷ ᠡᠷᠡᠭᠲᠡᠶᠢᠴᠦᠳ ᠤᠨ ᠳᠤᠮᠳᠠᠴᠢ ᠨᠠᠰᠤᠯᠠᠯᠲᠠ 26 ᠵᠢᠯ  ᠤᠨ ᠬᠤᠭᠤᠴᠠᠭᠠᠨ ᠳᠦ 60.7 ᠡᠴᠠ 66.1 ᠂ ᠡᠮᠡᠭᠲᠡᠶᠢᠴᠦᠳ ᠤᠨ ᠳᠤᠮᠳᠠᠴᠢ ᠨᠠᠰᠤᠯᠠᠯᠲᠠ 64.9 ᠡᠴᠡ 75.8 ᠪᠣᠯᠵᠤ ᠥᠰᠦᠭᠰᠡᠨ ᠭᠡᠰᠡᠨ ᠳ᠋ᠦᠩᠨᠡᠯᠲᠡ ᠭᠠᠷᠴᠠᠢ ᠃

ᠰᠡᠳᠬᠢᠭᠳᠡᠯ ᠦᠯᠡᠳᠡᠭᠡᠬᠦ