ᠤᠭ᠍ᠶᠤᠲᠤᠯᠤᠭᠠᠢ ᠳ᠋ᠥ ᠨᠡᠮᠡᠯᠲᠡ ᠰᠠᠩᠬᠦᠦᠵᠢᠯᠲᠡ ᠱᠠᠭᠠᠷᠳᠠᠯᠭ᠎ᠠ ᠲᠠᠢ | News.MN

  ᠤᠭ᠍ᠶᠤᠲᠤᠯᠤᠭᠠᠢ ᠳ᠋ᠥ ᠨᠡᠮᠡᠯᠲᠡ ᠰᠠᠩᠬᠦᠦᠵᠢᠯᠲᠡ ᠱᠠᠭᠠᠷᠳᠠᠯᠭ᠎ᠠ ᠲᠠᠢ

 

ᠤᠭ᠍ᠶᠤᠲᠤᠯᠤᠭᠠᠢ ᠶᠢᠨ ᠭᠦᠨ ‍ᠣ ᠠᠭᠤᠷᠬᠠᠢ ᠶ᠋ᠢᠨ ᠪᠦᠲᠦᠭᠡᠨ ᠪᠠᠶᠢᠭᠤᠯᠤᠯᠲᠠ ᠶ᠋ᠢᠨ ᠵᠠᠷᠤᠳᠠᠯ ᠨᠡᠮᠡᠭᠳᠡᠵᠦ ᠂ ᠠᠩᠬᠠᠨ ᠤ ᠣᠯᠪᠤᠷᠢᠯᠠᠯᠲᠠ ᠡᠬᠢᠯᠡᠬᠦ ᠬᠤᠭᠤᠴᠠᠭ᠎ᠠ ᠬᠣᠶᠢᠰᠢᠯᠠᠭᠰᠠᠨ ᠃ ᠡᠭᠦᠨ ᠲᠠᠢ ᠵᠡᠷᠭᠡᠴᠡᠭᠡᠳ  ᠲᠠᠪᠤᠨᠲᠤᠯᠤᠭᠠᠢ ᠶ᠋ᠢᠨ ᠴᠠᠬᠢᠯᠭᠠᠨ ᠰᠲ᠋ᠠᠨᠼ ᠤᠨ ᠲᠥᠰᠥᠯ  ᠤᠨ ᠪᠦᠲᠦᠭᠡᠨ ᠪᠠᠶᠢᠭᠤᠯᠤᠯᠲᠠ ᠲᠠᠢ ᠬᠣᠯᠪᠣᠭᠳᠠᠭᠤᠯᠤᠨ ᠨᠡᠮᠡᠯᠲᠡ ᠰᠠᠩᠬᠦᠦᠵᠢᠯᠲᠡ ᠱᠠᠭᠠᠷᠳᠠᠭᠳᠠᠵᠤ ᠪᠠᠶᠢᠭ᠎ᠠ ᠶᠤᠮ ᠃

ᠥᠨᠥᠳᠥᠷ  ᠤᠨ ᠪᠠᠶᠢᠳᠠᠯ ᠢᠶᠠᠷ  Turquoise Hill Resources  ᠤᠨ ᠪᠡᠯᠡᠨ ᠮᠥᠩᠭᠥᠨ ‍ᠣ ᠦᠯᠡᠳᠡᠭᠳᠡᠯ 2.2 ᠲᠡᠷᠪᠤᠮ ᠳ᠋ᠣᠯᠯᠠᠷ ᠪᠠᠶᠢᠭ᠎ᠠ ᠪᠣᠯ ᠳᠣᠣᠷᠠᠳᠤ ᠲᠠᠯ᠎ᠠ ᠨᠢ 4.5 ᠲᠡᠷᠪᠤᠮ ᠠᠮᠠ ᠳ᠋ᠣᠯᠯᠠᠷ ᠱᠠᠭᠠᠷᠳᠠᠯᠭ᠎ᠠ ᠲᠠᠢ ᠪᠠᠶᠢᠭ᠎ᠠ ᠶᠤᠮ ᠪᠠᠶᠢᠨ᠎ᠠ᠃ ᠡᠨᠡ ᠲᠠᠯ᠎ᠠ ᠪᠡᠷ ᠲᠤᠰ ᠺᠣᠮᠫᠠᠨᠢ ᠲᠠᠶᠢᠯᠤᠨ ᠳ᠋ᠤ ᠪᠠᠨ ᠳᠤᠷᠠᠳᠴᠠᠢ᠃  Seeking Alpha  ᠤᠨ ᠰᠢᠨᠵᠢᠭᠡᠴᠢ ᠶ᠋ᠢᠨ ᠲᠠᠭᠠᠮᠠᠭᠯᠠᠵᠤ ᠪᠤᠢ ᠪᠠᠷ  Rio Tinto  ᠺᠣᠮᠫᠠᠨᠢ ᠳᠡᠭᠡᠷᠡᠬᠢ ᠪᠣᠯᠣᠮᠵᠢ ᠶ᠋ᠢ ᠠᠰᠢᠭᠯᠠᠨ  Turquoise Hill Resources  ᠳ᠋ᠡᠬᠢ ᠡᠵᠡᠮᠰᠢᠯ ᠦᠨ ᠬᠤᠪᠢ ᠪᠠᠨ ᠨᠡᠮᠡᠭᠳᠡᠭᠦᠯᠵᠦ ᠮᠠᠭᠠᠳ ᠦᠭᠡᠢ ᠭᠡᠵᠡᠢ᠃  ᠮᠥᠨ  ᠤᠭ᠍ᠶᠤᠲᠤᠯᠤᠭᠠᠢ ᠶᠢᠨ ᠬᠤᠪᠢ ᠡᠵᠡᠮᠰᠢᠭᠴᠢᠳ ᠦᠨ ᠰᠲ᠋ᠷᠠᠲ᠋ᠸᠬᠢ ᠶ᠋ᠢᠨ ᠠᠰᠠᠭᠤᠳᠠᠯ ᠢ ᠬᠡᠯᠡᠯᠴᠡᠬᠦ ᠡᠭᠦᠷᠭᠡ ᠪᠦᠬᠦᠢ ᠠᠵᠢᠯ ᠤᠨ ᠬᠡᠰᠡᠭ ᠢ  Rio Tinto  ᠺᠣᠮᠫᠠᠨᠢ ᠲᠠᠢ ᠬᠠᠮᠲᠤᠷᠠᠨ ᠪᠠᠶᠢᠭᠤᠯᠤᠭᠠᠳ ᠪᠠᠶᠢᠭ᠎ᠠ ᠶᠤᠮ ᠪᠠᠶᠢᠨ᠎ᠠ ᠃

ᠰᠡᠳᠬᠢᠭᠳᠡᠯ ᠦᠯᠡᠳᠡᠭᠡᠬᠦ