ᠪ᠊·ᠰᠠᠷᠠᠨᠲᠤᠶᠠᠭ᠎ᠠ ᠶ᠋ᠢᠨ ᠮᠠᠷᠲᠠᠭᠳᠠᠰᠢ ᠦᠭᠡᠢ ᠳᠤᠷᠠᠰᠤᠮᠵᠢ | News.MN

ᠪ᠊·ᠰᠠᠷᠠᠨᠲᠤᠶᠠᠭ᠎ᠠ ᠶ᠋ᠢᠨ ᠮᠠᠷᠲᠠᠭᠳᠠᠰᠢ ᠦᠭᠡᠢ ᠳᠤᠷᠠᠰᠤᠮᠵᠢ

 

ᠮᠣᠩᠭᠣᠯ ᠤᠯᠤᠰ ᠤᠨ ᠭᠠᠪᠢᠶᠠᠲᠤ ᠵᠦᠴᠦᠭᠡᠴᠢᠨ ᠂ ᠫᠣᠫ ᠬᠠᠲᠤᠭᠲᠠᠢ ᠪ᠊·ᠰᠠᠷᠠᠨᠲᠤᠶᠠᠭ᠎ᠠ 16 ᠵᠢᠯ ᠤᠨ ᠳᠠᠷᠠᠭ᠎ᠠ ᠥᠪᠡᠷ ᠤᠨ ᠦᠨᠡᠨᠴᠢ ᠹᠸᠨᠢ ᠲᠠᠢ ᠪᠡᠨ ᠠᠭᠤᠯᠵᠠᠵᠠᠢ᠃ ᠲᠡᠷᠡ ᠪᠡᠷ 2003 ᠣᠨ ᠳᠤ ᠬᠣᠪᠲᠤ ᠠᠶᠢᠮᠠᠭ ᠤᠨ ᠳᠠᠷᠪᠢ ᠰᠤᠮᠤᠨ ᠳᠤ ︽ ᠪᠢ ᠵᠢᠷᠭᠠᠯ ᠲᠠᠢ︾ ᠠᠶᠠᠯᠠᠨ ᠲᠣᠭᠯᠠᠯᠲᠠ ᠪᠡᠷ ᠶᠠᠪᠤᠵᠤ ᠪᠠᠶᠢᠬᠤ ᠳ᠋ᠤ ᠪᠠᠨ ᠵᠠᠮ ᠳᠠᠭᠠᠤ ᠲᠠᠭᠠᠷᠠᠭᠰᠠᠨ ᠭᠤᠷᠪᠠᠨ ᠵᠢᠭᠠᠯ ᠢ ᠭᠡᠷ ᠲᠥ ᠨᠢ ᠳᠥᠬᠦᠭᠦᠯᠵᠦ᠂ ᠳᠤᠷᠠᠰᠬᠠᠯ ᠤᠨ ᠵᠢᠷᠤᠭ ᠲᠠᠲᠠᠭᠤᠯᠤᠭᠰᠠᠨ ᠪᠠᠶᠢᠨ᠎ᠠ᠃ ᠭᠡᠲᠡᠯ᠎ᠡ ᠲᠡᠭᠦᠨ ᠦ ᠨᠢᠭᠡ ᠵᠢᠯ  ᠤᠨ ᠡᠮᠦᠨ᠎ᠡ ᠬᠢᠭᠰᠡᠨ ︽ᠠᠮᠢᠳᠤᠷᠠᠯ︾ ᠠᠶᠠᠯᠠᠨ ᠲᠣᠭᠯᠠᠯᠲᠠ ᠶ᠋ᠢᠨ ᠦᠶ᠎ᠡ ᠪᠡᠷ ᠭᠤᠷᠪᠠᠨ ᠵᠢᠭᠠᠯ ᠤᠨ ᠨᠢᠭᠡ ᠨᠢ ᠠᠩᠬ᠎ᠠ ᠠᠭᠤᠯᠵᠠᠵᠤ ᠪᠠᠶᠢᠭᠰᠠᠨ ᠲᠡᠦᠬᠡ ᠪᠡᠨ ᠶᠠᠷᠢᠵᠤ ᠂ ᠳᠠᠬᠢᠨ ᠳᠤᠷᠠᠰᠬᠠᠯ ᠤᠨ ᠵᠢᠷᠤᠭ ᠠᠪᠬᠠᠭᠤᠯᠵᠠᠢ ᠃

ᠫᠣᠫ ᠬᠠᠲᠤᠭᠲᠠᠢ ᠪ᠊·ᠰᠠᠷᠠᠨᠲᠤᠶᠠᠭ᠎ᠠ ᠡᠨᠡ ᠲᠤᠬᠠᠢ ᠪᠠᠨ ᠄ ᠪᠢ 2003 ᠣᠨ ᠳᠤ ᠬᠣᠪᠲᠤ ᠠᠶᠢᠮᠠᠭ ᠤᠨ ᠳᠠᠷᠪᠢ ᠰᠤᠮᠤᠨ ᠳᠤ ︽ ᠪᠢ ᠵᠢᠷᠭᠠᠯ ᠲᠠᠢ ︾ ᠠᠶᠠᠯᠠᠨ ᠲᠣᠭᠯᠠᠯᠲᠠ ᠪᠡᠷ ᠶᠠᠪᠤᠵᠤ ᠪᠠᠶᠢᠬᠤ ᠳ᠋ᠤ ᠪᠠᠨ ᠲᠠᠭᠠᠷᠠᠭᠰᠠᠨ ᠶᠤᠮ ᠃ ᠲᠤᠬᠠᠢ ᠶ᠋ᠢᠨ ᠦᠶ᠎ᠡ ᠳ᠋ᠥ ᠣᠷᠣᠢ ᠪᠣᠯᠵᠤ ᠪᠠᠶᠢᠭᠰᠠᠨ ᠰᠢᠭ᠋ ᠰᠠᠨᠠᠭᠳᠠᠵᠤ ᠪᠠᠶᠢᠨ᠎ᠠ ᠃ ᠵᠠᠮ ᠳᠠᠭᠠᠤ ᠬᠢᠴᠢᠶᠡᠯ ᠢᠶ᠋ᠡᠨ ᠲᠠᠷᠠᠭᠠᠳ ᠶᠠᠪᠤᠵᠤ ᠪᠠᠶᠢᠭ᠎ᠠ ᠭᠤᠷᠪᠠᠨ ᠬᠦᠦ ᠲᠠᠢ ᠲᠠᠭᠠᠷᠠᠵᠤ ᠂ ᠭᠡᠷ ᠲᠥ ᠨᠢ ᠳᠥᠬᠦᠭᠦᠯᠵᠦ ᠥᠭᠭᠦᠭᠰᠡᠨ ᠃ ᠲᠡᠭᠡᠭᠡᠳ ᠪᠢ᠄ ᠵᠠ ᠬᠡᠨ ‍ᠣ ᠮᠠᠰᠢᠨ ᠳ᠋ᠤ ᠰᠠᠭᠤᠭᠰᠠᠨ ᠬᠡᠦᠬᠡᠳ  ᠪᠤᠢ ᠭᠡᠰᠡᠨ ᠴᠢᠨᠢ ᠨᠥᠭᠥᠭᠡ ᠭᠤᠷᠪᠠ ᠮᠠᠨᠢ ᠠᠨᠳᠠᠭᠤᠷᠠᠭᠠᠳ ᠯᠡ᠄ ᠠᠷᠢᠭᠤᠨ᠎ᠠ ᠡᠭᠡᠴᠢ᠂ ᠰᠠᠷᠠ ᠡᠭᠡᠴᠢ  ᠭᠡᠳ ᠨᠠᠮ᠎ᠠ ᠶ᠋ᠢ ᠲᠠᠨᠢᠬᠤ ᠦᠭᠡᠢ ᠪᠠᠶᠢᠭᠰᠠᠨ᠃ ᠲᠡᠷᠡ ᠦᠶ᠎ᠡ ᠳ᠋ᠥ ᠪᠢ ᠰᠠᠷᠠᠪᠴᠢ ᠲᠠᠢ ᠮᠠᠯᠠᠭᠠᠢ ᠡᠮᠦᠰᠴᠢᠬᠡᠭᠰᠡᠨ᠂ ᠨᠢᠭᠤᠷ ᠢᠶᠡᠨ ᠪᠤᠳᠤᠭ᠎ᠠ ᠦᠭᠡᠢ ᠰᠢᠬᠠᠭᠤ ᠯᠡ ᠶᠠᠪᠤᠭᠰᠠᠨ᠃ ᠲᠡᠭᠡᠭᠡᠳ᠄ ᠲᠠ ᠨᠠᠷ ᠳᠠᠭᠤᠴᠢᠨ ᠪ᠊·ᠰᠠᠷᠠᠨᠲᠤᠶᠠᠭ᠎ᠠ ᠶ᠋ᠢᠨ ᠠᠶᠠᠯᠠᠨ ᠲᠣᠭᠯᠠᠯᠲᠠ ᠶ᠋ᠢᠨ ᠮᠠᠰᠢᠨ ᠳ᠋ᠤ ᠰᠠᠭᠤᠭᠰᠠᠨ ᠪᠠᠶᠢᠨ᠎ᠠ ᠰᠢᠦ  ᠭᠡᠵᠦ ᠬᠡᠯᠡᠭᠡᠳ ᠤᠷᠠᠨ ᠪᠦᠲᠦᠭᠡᠯ ᠤᠨ ᠫᠯᠠᠺᠲ ᠥᠭᠴᠦ᠂ ᠬᠠᠮᠲᠤ ᠳᠤᠷᠠᠰᠬᠠᠯ ᠤᠨ ᠵᠢᠷᠤᠭ ᠢᠶᠠᠨ ᠠᠪᠬᠠᠭᠤᠯᠤᠬᠰᠠᠨ ᠲᠡᠦᠬᠡ ᠲᠠᠢ᠃  ᠪᠢ ᠪᠢᠴᠢᠬᠠᠨ ᠬᠡᠦᠬᠡᠳ ᠦᠳ ᠲᠤ ᠮᠠᠷᠲᠠᠭᠳᠠᠭ᠎ᠠ ᠦᠭᠡᠢ ᠂ ᠪᠠᠶᠠᠷ ᠤᠨ ᠣᠴᠢ ᠦᠯᠡᠳᠡᠭᠡᠭᠰᠡᠨ ᠤᠴᠢᠷ ᠡᠴᠠ 16 ᠵᠢᠯ  ᠤᠨ ᠳᠠᠷᠠᠭ᠎ᠠ ᠰᠠᠨᠠᠨ ᠰᠠᠨᠠᠨ ᠪᠠᠶᠢᠵᠤ ᠲᠣᠭᠯᠠᠯᠲᠠ ᠶ᠋ᠢ ᠮᠠᠨᠢ ᠵᠣᠷᠢᠵᠤ ᠢᠷᠡᠭᠰᠡᠨ ᠨᠢ ᠮᠠᠰᠢ ᠰᠠᠶᠢᠬᠠᠨ ᠰᠠᠨᠠᠭᠳᠠᠭᠰᠠᠨ ᠃ 2019 ᠣᠨ ᠤ ᠳᠥᠷᠪᠡᠳᠦᠭᠡᠷ ᠰᠠᠷ᠎ᠠ ᠳᠤ ︽ᠠᠮᠢᠳᠤᠷᠠᠯ︾ ᠠᠶᠠᠯᠠᠨ ᠲᠣᠭᠯᠠᠯᠲᠠ ᠪᠡᠷ ᠬᠣᠪᠲᠤ ᠠᠶᠢᠮᠠᠭ ᠤᠨ ᠵᠡᠷᠭᠡ ᠰᠤᠮᠤᠨ ᠳᠤ ᠣᠴᠢᠬᠤ ᠳᠤ ᠨᠥᠭᠥᠭᠡ ᠭᠤᠷᠪᠠᠨ ᠵᠢᠭᠠᠯ ᠤᠨ ᠮᠠᠨᠢ ᠨᠢᠭᠡ ᠨᠢ ᠨᠠᠳᠠ ᠲᠠᠢ ᠠᠩᠬ᠎ᠠ ᠠᠭᠤᠯᠵᠠᠭᠰᠠᠨ ᠲᠤᠬᠠᠢ ᠪᠠᠨ ᠶᠠᠷᠢᠭᠰᠠᠨ ᠭᠡᠰᠡᠨ ᠶᠤᠮ ᠃

ᠰᠡᠳᠬᠢᠭᠳᠡᠯ ᠦᠯᠡᠳᠡᠭᠡᠬᠦ