ᠸᠠᠩ ᠭᠤ ᠶᠢᠨ ᠵᠢᠷᠤᠭ ᠬᠤᠯᠠᠭᠠᠢ ᠳᠦ ᠠᠯᠳᠠᠭᠳᠠᠵᠠᠢ | News.MN

ᠸᠠᠩ ᠭᠤ ᠶᠢᠨ ᠵᠢᠷᠤᠭ ᠬᠤᠯᠠᠭᠠᠢ ᠳᠦ ᠠᠯᠳᠠᠭᠳᠠᠵᠠᠢ

ᠴᠠᠷ᠎ᠠ ᠲᠠᠬᠤᠯ ᠤᠨ ᠤᠯᠠᠮ ᠡᠴᠠ ᠬᠥᠯ ᠬᠣᠷᠢᠭᠠᠨ ᠳ᠋ᠤ ᠣᠷᠣᠭᠠᠳ ᠪᠤᠢ ᠨᠢᠳ᠋ᠸᠷᠯᠠᠨᠳ᠋ ᠤᠨ ᠯᠠᠷᠸᠨ ᠬᠣᠲᠠ ᠶ᠋ᠢᠨ ᠤᠷᠠᠨ ᠵᠢᠷᠤᠭ ᠤᠨ ᠮᠦᠽᠸᠢ ᠡᠴᠡ ᠳᠡᠭᠡᠷᠡᠬᠢ ᠵᠢᠷᠤᠭ ᠠᠯᠠᠭ᠎ᠠ ᠪᠣᠯᠵᠠᠢ ᠃ ᠸᠠᠩ ᠭᠤ ᠶᠢᠨ1884 ᠣᠨ ᠳᠦ ᠵᠢᠷᠤᠭᠰᠠᠨ ᠤᠭ ᠪᠦᠲᠦᠭᠡᠯ ︽ᠬᠠᠪᠤᠷ ᠤᠨ ᠴᠡᠴᠡᠷᠯᠢᠭ︾ ᠨᠡᠷ᠎ᠡ ᠲᠠᠢ ᠃ ᠨᠡᠶᠢᠰᠯᠡᠯ ᠠᠮᠰᠲᠸᠷᠳᠠᠮ ᠬᠣᠲᠠ ᠶ᠋ᠢᠨ ᠭᠷᠦᠨᠢᠩᠸᠷ ᠦᠨ ᠮᠦᠽᠧᠢ ᠶ᠋ᠢᠨ ᠴᠤᠭᠯᠠᠭᠤᠯᠭ᠎ᠠ ᠳ᠋ᠤ ᠪᠠᠭᠲᠠᠳᠠᠭ ᠦᠨᠡᠲᠦ ᠦᠵᠡᠮᠦᠷᠢ ᠶ᠋ᠢ ᠤᠭ ᠮᠦᠽᠸᠢ ᠳᠦ  ᠵᠢᠭᠡᠯᠡᠭᠡᠳ ᠪᠠᠶᠢᠵᠠᠢ ᠃

ᠬᠤᠯᠠᠭᠠᠢ ᠶ᠋ᠢᠨ ᠬᠡᠷᠡᠭ ᠭᠠᠷᠬᠤ ᠦᠶ᠎ᠡ ᠳ᠋ᠥ ᠬᠠᠮᠠᠭᠠᠯᠠᠯᠲᠠ ᠶ᠋ᠢᠨ ᠳᠣᠬᠢᠶᠠᠯᠠᠯ ᠬᠡᠪ ᠤᠨ ᠠᠵᠢᠯᠯᠠᠭᠰᠠᠨ ᠴᠦ ᠴᠠᠷ᠎ᠠ ᠲᠠᠬᠤᠯ ᠤᠨ ᠦᠶ᠎ᠡ ᠶ᠋ᠢᠨ ᠲᠢᠭ ᠵᠢᠷᠤᠮ ᠰᠠᠬᠢᠭᠤᠯᠬᠤ ᠠᠵᠢᠯ ᠳ᠋ᠤ ᠪᠠᠨ ᠳᠡᠩᠳᠡᠭᠦᠦ ᠠᠩᠬᠠᠷᠤᠯ ᠲᠠᠯᠪᠢᠭᠰᠠᠨ ᠴᠠᠭᠳᠠᠭ᠎ᠠ ᠨᠠᠷ ᠬᠤᠭᠤᠴᠠᠭ᠎ᠠ ᠠᠯᠳᠠᠵᠤ ᠢᠷᠡᠭᠰᠡᠨ ᠢᠶ᠋ᠡᠷ ᠭᠡᠮᠲᠦ ᠬᠡᠷᠡᠭᠲᠡᠨ ᠵᠢᠭᠤᠲᠠᠵᠤ ᠠᠮᠵᠢᠵᠠᠢ ᠃

ᠰᠡᠳᠬᠢᠭᠳᠡᠯ ᠦᠯᠡᠳᠡᠭᠡᠬᠦ