ᠨᠢᠺᠢᠲ᠋ᠣᠨ  ‍ᠣ ᠲᠣᠭᠯᠠᠯᠲᠠ ᠶ᠋ᠢ 450 ᠮᠢᠩᠭᠠᠨ ᠬᠥᠮᠥᠨ ᠦᠵᠡᠵᠡᠢ | News.MN

  ᠨᠢᠺᠢᠲ᠋ᠣᠨ  ‍ᠣ ᠲᠣᠭᠯᠠᠯᠲᠠ ᠶ᠋ᠢ 450 ᠮᠢᠩᠭᠠᠨ ᠬᠥᠮᠥᠨ ᠦᠵᠡᠵᠡᠢ

1993 ᠣᠨ ᠳᠤ ᠪᠠᠶᠢᠭᠤᠯᠤᠭᠳᠠᠭᠰᠠᠨ ᠮᠣᠩᠭᠣᠯ ᠤᠨ ᠷᠣᠺ ᠬᠠᠮᠲᠤᠯᠢᠭ ᠪᠣᠯ  ᠨᠢᠺᠢᠲ᠋ᠣᠨ ᠃ ᠡᠨᠡ ᠣᠨ ᠳᠤ 25 ᠵᠢᠯ ᠤᠨ ᠣᠢ ᠨᠢ ᠲᠣᠬᠢᠶᠠᠵᠤ ᠪᠠᠶᠢᠭ᠎ᠠ ᠲᠤᠰ ᠬᠠᠮᠲᠤᠯᠢᠭ ᠤᠨ ᠬᠢᠨ ᠦᠵᠡᠭᠴᠢᠳ ᠲᠠᠢ ᠪᠠᠨ ᠴᠡᠩᠬᠡᠷ ᠳᠡᠯᠭᠡᠴᠡ ᠪᠡᠷ ᠠᠭᠤᠯᠵᠠᠯ᠎ᠠ ᠃ ᠲᠡᠳᠡᠨ ᠦ ︽ᠮᠣᠩᠭᠣᠯ ᠳ᠋ᠤ ᠪᠠᠨ ᠬᠠᠶᠢᠷᠠᠲᠠᠢ︾ ᠣᠩᠯᠠᠶᠢᠨ Live ᠲᠣᠭᠯᠠᠯᠲᠠ ᠶ᠋ᠢ ᠥᠴᠥᠭᠡᠳᠦᠷ 20:00 ᠴᠠᠭ ᠡᠴᠠ ᠪᠣᠯᠪᠠᠰᠤᠷᠠᠯ ᠰᠤᠪᠠᠭ ᠢᠶᠠᠷ ᠰᠢᠭᠤᠳ ᠳᠠᠮᠵᠢᠭᠤᠯᠤᠨ ᠬᠦᠷᠭᠡᠭᠰᠡᠨ ᠪᠢᠯᠡ ᠃ ᠲᠣᠭᠯᠠᠯᠲᠠ  ᠶᠢ ᠮᠦᠨ Ard News᠂  ︽ᠮᠣᠩᠭᠣᠯ ᠳ᠋ᠤ ᠪᠠᠨ ᠬᠠᠶᠢᠷᠠᠲᠠᠢ︾  ᠨᠢᠭᠤᠷ ᠨᠤᠮ ᠰᠢᠭᠤᠳ ᠳᠠᠮᠵᠢᠭᠤᠯᠤᠭᠰᠠᠨ ᠶᠤᠮ ᠃  ᠲᠣᠭᠯᠠᠯᠲᠠ ᠶ᠋ᠢ ᠣᠩᠯᠠᠶᠢᠨ ᠢᠶᠠᠷ 450 ᠮᠢᠩᠭᠠᠨ ᠬᠥᠮᠥᠨ ᠦᠵᠡᠵᠡᠢ ᠃ ᠲᠣᠭᠯᠠᠯᠲᠠ ᠳ᠋ᠤ ᠭᠠᠪᠢᠶᠠᠲᠤ ᠵᠦᠴᠦᠭᠡᠴᠢᠨ ᠂ ᠳᠠᠭᠤᠴᠢᠨ ᠪ᠊·ᠰᠠᠷᠠᠨᠲᠤᠶᠠᠭ᠎ᠠ᠂ ᠵ᠊·ᠠᠯᠲᠠᠨᠴᠡᠴᠡᠭ ᠨᠠᠷ ᠤᠷᠢᠯᠭ᠎ᠠ ᠪᠡᠷ ᠣᠷᠣᠯᠴᠠᠵᠤ ᠠᠶ᠎ᠠ ᠳᠠᠭᠤᠤ ᠪᠠᠨ ᠡᠷᠭᠦᠭᠰᠡᠨ ᠃

 

ᠰᠡᠳᠬᠢᠭᠳᠡᠯ ᠦᠯᠡᠳᠡᠭᠡᠬᠦ