ᠦᠨᠡᠲᠦ ᠡᠳ᠋ᠯᠡᠯ  ᠤᠨ ᠬᠤᠳᠠᠯᠳᠤᠭᠠᠴᠢᠳ ᠦᠨ ᠰᠤᠳᠤᠯᠭᠠᠨ  ᠢ ᠡᠬᠢᠯᠡᠭᠦᠯᠵᠡᠢ | News.MN

ᠦᠨᠡᠲᠦ ᠡᠳ᠋ᠯᠡᠯ  ᠤᠨ ᠬᠤᠳᠠᠯᠳᠤᠭᠠᠴᠢᠳ ᠦᠨ ᠰᠤᠳᠤᠯᠭᠠᠨ  ᠢ ᠡᠬᠢᠯᠡᠭᠦᠯᠵᠡᠢ

 

ᠦᠨᠳᠦᠰᠦᠨ ‍ᠣ ᠰᠲ᠋ᠠᠲ᠋ᠢᠰᠲ᠋ᠢᠺ ᠤᠨ ᠬᠣᠷᠢᠶ᠎ᠠ ᠦᠨᠡᠲᠦ ᠡᠳ᠋ᠯᠡᠯ᠂ ᠡᠷᠲᠡᠨ ‍ᠣ ᠡᠳ᠋ᠯᠡᠯ ᠤᠨ ᠬᠤᠳᠠᠯᠳᠤᠭ᠎ᠠ᠂ ᠠᠷᠠᠯᠵᠢᠶ᠎ᠠ ᠡᠷᠬᠢᠯᠡᠭᠴᠢᠳ ᠦᠨ ᠰᠤᠳᠤᠯᠭᠠᠨ ᠢ ᠬᠢᠵᠦ ᠡᠬᠢᠯᠡᠭᠦᠯᠵᠡᠢ ᠃  ᠤᠴᠢᠷ ᠨᠢ ᠦᠨᠡᠲᠦ ᠮᠧᠲ᠋ᠠᠯ ᠂ ᠦᠨᠡᠲᠦ ᠴᠢᠯᠠᠭᠤ ᠪᠠ ᠡᠳᠡᠭᠡᠷ ᠢᠶ᠋ᠡᠷ ᠬᠢᠭᠰᠡᠨ ᠡᠳ᠋ᠯᠡᠯ ᠤᠨ ᠬᠤᠳᠠᠯᠳᠤᠭ᠎ᠠ ᠪᠠᠷ ᠳᠠᠮᠵᠢᠭᠤᠯᠵᠤ ᠮᠥᠩᠭᠥ ᠤᠬᠢᠶᠠᠬᠤ ᠡᠷᠡᠰᠳᠡᠯ ᠪᠠᠶᠢᠨ᠎ᠠ ᠭᠡᠵᠦ ᠦᠵᠡᠭᠰᠡᠨ ᠶᠠᠪᠤᠳᠠᠯ ᠃ ᠤᠴᠢᠷ ᠨᠢ ᠤᠭ ᠰᠠᠯᠪᠤᠷᠢ ᠶᠠᠮᠠᠷ ᠴᠦ ᠬᠢᠨᠠᠯᠲᠠ ᠦᠭᠡᠢ ᠶᠠᠪᠤᠵᠤ ᠢᠷᠡᠭᠰᠡᠨ ᠶᠤᠮ ᠃

ᠲᠡᠶᠢᠮᠦ ᠡᠴᠡ ᠤᠭ ᠡᠷᠡᠰᠳᠡᠯ ᠡᠴᠡ ᠰᠡᠷᠭᠡᠶᠢᠯᠡᠬᠦ ᠪᠣᠯᠣᠮᠵᠢ ᠶ᠋ᠢ ᠪᠦᠷᠢᠳᠦᠭᠦᠯᠬᠦ ᠂ ᠰᠠᠭᠠᠷᠠᠯ ᠵᠢᠭᠰᠠᠭᠠᠯᠲᠠ ᠡᠴᠠ ᠭᠠᠷᠬᠤ ᠶ᠋ᠢᠨ ᠲᠤᠯᠠᠳᠠ ᠦᠨᠡᠲᠦ ᠮᠧᠲ᠋ᠠᠯ ᠂ ᠦᠨᠡᠲᠦ ᠴᠢᠯᠠᠭᠤᠨ ᠤ ᠂ ᠡᠰᠡᠬᠦᠯ᠎ᠡ ᠂ ᠲᠡᠳᠡᠭᠡᠷ ᠢᠶ᠋ᠡᠷ ᠬᠢᠭᠰᠡᠨ ᠡᠳ᠋ᠯᠡᠯ ᠤᠨ ᠠᠷᠠᠯᠵᠢᠶ᠎ᠠ ᠡᠷᠬᠢᠯᠡᠭᠴᠢᠳ᠂ ᠡᠷᠲᠡᠨ ‍ᠣ ᠡᠳ᠋ᠯᠡᠯ ᠤᠨ ᠬᠤᠳᠠᠯᠳᠤᠭ᠎ᠠ ᠠᠷᠠᠯᠵᠢᠶ᠎ᠠ ᠡᠷᠬᠢᠯᠡᠭᠴᠢᠳ ᠢ ᠬᠠᠮᠤᠷᠤᠭᠤᠯᠤᠭᠰᠠᠨ ᠡᠷᠡᠰᠳᠡᠯ ᠦᠨ ᠦᠨᠡᠯᠡᠭᠡᠨ ‍ᠣ ᠰᠤᠳᠤᠯᠭᠠᠨ ᠢ ᠵᠣᠬᠢᠶᠠᠨ ᠪᠠᠶᠢᠭᠤᠯᠬᠤ ᠂ ᠤᠭ ᠰᠤᠳᠤᠯᠭᠠᠨ ᠤ ᠦᠷ᠎ᠡ ᠳ᠋ᠦᠩ ᠳ᠋ᠥ ᠦᠨᠳᠦᠰᠦᠯᠡᠨ ᠲᠡᠳᠡᠨ ᠢ ᠮᠥᠩᠭᠥ ᠤᠬᠢᠶᠠᠬᠤ ᠪᠣᠯᠣᠨ ᠲᠸᠷᠷᠣᠷᠢᠰᠮ ᠢ ᠰᠠᠩᠬᠦᠦᠵᠢᠭᠦᠯᠬᠦ ᠡᠷᠡᠰᠳᠡᠯ ᠡᠴᠡ ᠬᠠᠮᠠᠭᠠᠯᠠᠬᠤ ᠳᠤ ᠨᠡᠩ ᠱᠠᠭᠠᠷᠳᠠᠯᠭ᠎ᠠ ᠲᠠᠢ ᠠᠵᠢᠯ ᠤᠳ ᠢ ᠵᠣᠬᠢᠶᠠᠨ ᠪᠠᠶᠢᠭᠤᠯᠵᠤ ᠂ ᠦᠷ᠎ᠡ ᠳ᠋ᠦᠩ ᠢ ᠲᠠᠶᠢᠯᠤᠩᠨᠠᠬᠤ  ᠶᠤᠮ ᠃

ᠰᠡᠳᠬᠢᠭᠳᠡᠯ ᠦᠯᠡᠳᠡᠭᠡᠬᠦ