ᠳᠡᠯᠡᠬᠡᠢ ᠶ᠋ᠢᠨ ᠪᠠᠩᠬᠢ 26.9 ᠰᠠᠶ᠎ᠠ ᠳ᠋ᠣᠯᠯᠠᠷ ᠤᠨ ᠰᠠᠩᠬᠦᠦᠵᠢᠯᠲᠡ ᠶ᠋ᠢ ᠪᠠᠲᠤᠯᠠᠯ᠎ᠠ | News.MN

ᠳᠡᠯᠡᠬᠡᠢ ᠶ᠋ᠢᠨ ᠪᠠᠩᠬᠢ 26.9 ᠰᠠᠶ᠎ᠠ ᠳ᠋ᠣᠯᠯᠠᠷ ᠤᠨ ᠰᠠᠩᠬᠦᠦᠵᠢᠯᠲᠡ ᠶ᠋ᠢ ᠪᠠᠲᠤᠯᠠᠯ᠎ᠠ

 

ᠴᠠᠷ᠎ᠠ ᠲᠠᠬᠤᠯ ᠤᠨ ᠬᠠᠯᠳᠠᠪᠤᠷᠢ ᠲᠠᠷᠬᠠᠵᠤ ᠂ ᠢᠷᠡᠭᠡᠳᠦᠢ ᠳ᠋ᠥ ᠲᠣᠬᠢᠶᠠᠵᠤ ᠪᠣᠯᠵᠣᠰᠢ ᠦᠭᠡᠢ ᠡᠷᠡᠭᠦᠯ ᠮᠡᠨᠳᠦ ᠶ᠋ᠢᠨ ᠬᠢᠮᠤᠷᠠᠯ ᠳᠤ ᠢᠯᠡᠭᠦᠦ ᠪᠡᠯᠡᠳᠬᠡᠯ ᠲᠠᠢ ᠪᠠᠶᠢᠬᠤ ᠬᠡᠷᠡᠭᠴᠡᠭᠡ ᠱᠠᠭᠠᠷᠳᠠᠯᠭ᠎ᠠ ᠡᠭᠦᠰᠦᠭᠰᠡᠨ ᠢ ᠬᠠᠷᠠᠭᠠᠯᠵᠠᠨ ᠮᠣᠩᠭᠣᠯ ᠤᠯᠤᠰ ᠲᠤ COVID-19 ᠡᠴᠠ ᠤᠷᠢᠳᠴᠢᠯᠠᠨ ᠰᠡᠷᠭᠡᠶᠢᠯᠡᠬᠦ ᠂ ᠬᠠᠷᠢᠭᠤ ᠠᠷᠭ᠎ᠠ ᠬᠡᠮᠵᠢᠶ᠎ᠡ ᠠᠪᠬᠤ ᠂ ᠪᠡᠯᠡᠨ ᠪᠠᠶᠢᠳᠠᠯ ᠢ ᠬᠠᠩᠭᠠᠬᠤ ᠲᠥᠰᠥᠯ ᠳ᠋ᠥ ᠵᠣᠷᠢᠭᠤᠯᠤᠨ 26.9 ᠰᠠᠶ᠎ᠠ ᠳ᠋ᠣᠯᠯᠠᠷ ᠤᠨ ᠰᠠᠩᠬᠦᠦᠵᠢᠯᠲᠡ ᠣᠯᠭᠣᠬᠤ ᠪᠡᠷ ᠳᠡᠯᠡᠬᠡᠢ ᠶ᠋ᠢᠨ ᠪᠠᠩᠬᠢ ᠶ᠋ᠢᠨ ᠭᠦᠢᠴᠡᠳᠬᠡᠬᠦ ᠵᠠᠬᠢᠷᠤᠯ ᠤᠳ ᠤᠨ ᠥᠴᠥᠭᠡᠳᠦᠷ ᠵᠥᠪᠯᠡᠯ ᠪᠠᠲᠤᠯᠠᠯ᠎ᠠ ᠃

ᠲᠥᠰᠥᠯ ᠨᠢ ᠶᠠᠭᠠᠷᠠᠯᠲᠠᠢ ᠲᠤᠰᠠᠯᠠᠮᠵᠢ ᠦᠢᠯᠡᠴᠢᠯᠡᠭᠡᠨ ‍ᠣ ᠡᠮᠴᠢ᠂ ᠰᠤᠪᠢᠯᠠᠭᠴᠢ᠂ ᠡᠷᠴᠢᠮᠲᠦ ᠡᠮᠴᠢᠯᠡᠭᠡᠨ ‍ᠣ  ᠠᠵᠢᠯᠲᠠᠳ ᠢ ᠰᠤᠷᠭᠠᠬᠤ︔ ᠡᠮᠨᠡᠯᠭᠡ ᠶ᠋ᠢᠨ ᠪᠣᠯᠣᠨ ᠯᠠᠪᠣᠷᠠᠲ᠋ᠣᠷᠢ ᠶ᠋ᠢᠨ ᠲᠣᠨᠣᠭ ᠲᠥᠬᠥᠭᠡᠷᠦᠮᠵᠢ ᠂ ᠬᠡᠷᠡᠭᠰᠡᠯ ᠬᠤᠳᠠᠯᠳᠤᠨ ᠠᠪᠬᠤ ᠂ ᠲᠡᠭᠦᠨᠴᠢᠯᠡᠨ ᠤᠯᠠᠭᠠᠨᠪᠠᠭᠠᠲᠤᠷ ᠬᠣᠲᠠ ᠪᠣᠯᠣᠨ ᠪᠦᠬᠦ ᠠᠶᠢᠮᠠᠭ ᠤᠳ ᠲᠤ COVID-19 ᠢ ᠣᠨᠣᠰᠢᠯᠠᠬᠤ ᠴᠢᠳᠠᠪᠬᠢ ᠶ᠋ᠢ ᠪᠡᠬᠢᠵᠢᠭᠦᠯᠬᠦ ᠵᠡᠷᠭᠡ ᠨᠡᠩ ᠲᠤᠯᠭᠠᠮᠳᠠᠭᠰᠠᠨ ᠬᠡᠷᠡᠭᠴᠡᠭᠡ ᠱᠠᠭᠠᠷᠳᠠᠯᠭ᠎ᠠ ᠳᠤ ᠨᠡᠶᠢᠴᠡᠭᠦᠯᠦᠨ ᠳᠡᠮᠵᠢᠯᠭᠡ ᠦᠵᠡᠭᠦᠯᠬᠦ ᠶᠤᠮ ᠃ ᠮᠥᠨ ᠡᠷᠡᠭᠦᠯ ᠮᠡᠨᠳᠦ ᠶ᠋ᠢᠨ ᠪᠠᠶᠢᠭᠤᠯᠤᠮᠵᠢ ᠶ᠋ᠢ ᠰᠡᠷᠭᠦᠭᠡᠨ ᠵᠠᠰᠠᠪᠤᠷᠢᠯᠠᠬᠤ ᠂ ᠬᠠᠯᠳᠠᠪᠤᠷᠢ ᠶ᠋ᠢ ᠬᠢᠨᠠᠬᠤ ᠠᠷᠭ᠎ᠠ ᠬᠡᠮᠵᠢᠶ᠎ᠡ ᠂ ᠰᠤᠷᠭᠠᠯᠲᠠ ᠵᠡᠷᠭᠡ ᠶ᠋ᠢ ᠡᠷᠡᠭᠦᠯ ᠮᠡᠨᠳᠦ ᠶ᠋ᠢᠨ ᠪᠦᠬᠦ ᠪᠠᠶᠢᠭᠤᠯᠭ᠎ᠠ ᠨᠣᠭᠣᠳ ᠲᠤ ᠵᠣᠬᠢᠶᠠᠨ ᠪᠠᠶᠢᠭᠤᠯᠬᠤ ᠪᠠ ᠬᠠᠯᠳᠠᠪᠤᠷᠢᠲᠤ ᠡᠪᠡᠳᠴᠢᠨ ᠡᠴᠡ ᠤᠷᠢᠳᠴᠢᠯᠠᠨ ᠰᠡᠷᠭᠡᠶᠢᠯᠡᠬᠦ ᠂ ᠤᠳᠤᠷᠢᠳᠬᠤ ᠲᠤᠬᠠᠢ ᠨᠡᠶᠢᠭᠡᠮ ᠤᠨ ᠡᠷᠡᠭᠦᠯ ᠮᠡᠨᠳᠦ ᠶ᠋ᠢᠨ ᠴᠢᠭᠯᠡᠯ ᠢᠶ᠋ᠡᠷ ᠬᠠᠷᠢᠯᠴᠠᠭ᠎ᠠ ᠬᠣᠯᠪᠣᠭ᠎ᠠ ᠂ ᠮᠡᠳᠡᠭᠡᠯᠡᠯ ᠤᠨ ᠺᠠᠮᠫᠠᠨᠢᠲᠤ ᠠᠵᠢᠯ ᠢ ᠳᠡᠮᠵᠢᠨ᠎ᠡ ᠃

ᠰᠡᠳᠬᠢᠭᠳᠡᠯ ᠦᠯᠡᠳᠡᠭᠡᠬᠦ