ᠮᠣᠩᠭᠣᠯᠴᠤᠳ ᠤᠨ ᠰᠢᠯᠵᠢᠯᠲᠡ ᠬᠥᠳᠡᠯᠭᠡᠭᠡᠨ 16 ᠬᠤᠪᠢ ᠪᠡᠷ ᠪᠠᠭᠤᠷᠠᠵᠠᠢ | News.MN

ᠮᠣᠩᠭᠣᠯᠴᠤᠳ ᠤᠨ ᠰᠢᠯᠵᠢᠯᠲᠡ ᠬᠥᠳᠡᠯᠭᠡᠭᠡᠨ 16 ᠬᠤᠪᠢ ᠪᠡᠷ ᠪᠠᠭᠤᠷᠠᠵᠠᠢ

Google ᠺᠣᠮᠫᠠᠨᠢ ᠰᠠᠶᠢᠬᠠᠨ ᠳᠡᠯᠡᠬᠡᠢ ᠶ᠋ᠢᠨ 131 ᠤᠯᠤᠰ ᠣᠷᠣᠨ ᠤ ᠭᠠᠷ ᠤᠲᠠᠰᠤ ᠬᠡᠷᠡᠭᠯᠡᠭᠴᠢᠳ ᠦᠨ ᠭᠠᠵᠠᠷ ᠵᠦᠢ ᠶ᠋ᠢᠨ ᠪᠠᠶᠢᠷᠢᠯᠠᠯ ᠳᠦ ᠬᠢᠭᠰᠡᠨ  ᠰᠤᠳᠤᠯᠭᠠᠨ ᠢᠶᠠᠨ ᠨᠡᠶᠢᠲᠡ ᠳ᠋ᠥ ᠲᠠᠨᠢᠯᠴᠠᠭᠤᠯᠵᠠᠢ ᠃ ᠡᠨᠡ ᠨᠢ Covid-19 ᠲᠠᠬᠤᠯ ᠤᠨ ᠦᠶ᠎ᠡ ᠳ᠋ᠥ ᠤᠯᠤᠰ ᠤᠯᠤᠰ ᠤᠨ ᠢᠷᠭᠡᠳ ᠬᠥᠯ ᠬᠣᠷᠢᠭᠠᠨ ᠤ ᠳᠢᠭᠯᠢᠮ ᠢ ᠬᠡᠷᠬᠢᠨ ᠳᠠᠭᠠᠵᠤ ᠪᠠᠶᠢᠭ᠎ᠠ ᠶ᠋ᠢ ᠬᠠᠷᠠᠭᠤᠯᠬᠤ ᠵᠣᠷᠢᠯᠭ᠎ᠠ ᠲᠠᠢ ᠭᠡᠨ᠎ᠡ ᠃ ᠥᠭᠡᠷ᠎ᠡ ᠪᠡᠷ ᠬᠡᠯᠡᠪᠡᠯ ᠡᠷᠬᠡ ᠪᠠᠷᠢᠭᠴᠢᠳ ᠠᠪᠴᠤ ᠬᠡᠷᠡᠭᠵᠢᠭᠦᠯᠵᠦ ᠪᠤᠢ ᠠᠷᠭ᠎ᠠ ᠬᠡᠮᠵᠢᠶᠡᠨ ‍ᠣ ᠪᠡᠨ ᠦᠷ᠎ᠡ ᠳ᠋ᠦᠩ ᠢ ᠬᠠᠷᠠᠬᠤ ᠳᠤ ᠬᠡᠷᠡᠭᠲᠡᠢ ᠭᠡᠵᠦ ᠦᠵᠡᠭᠰᠡᠨ ᠪᠠᠶᠢᠨ᠎ᠠ ᠃ ᠮᠣᠩᠭᠣᠯ ᠤᠯᠤᠰ ᠲᠠᠢ ᠬᠣᠯᠪᠣᠭᠠᠲᠠᠢ ᠮᠡᠳᠡᠭᠡᠯᠡᠯ ᠡᠴᠡ ᠬᠠᠷᠠᠪᠠᠯ ᠢᠷᠭᠡᠳ ᠤᠨ ᠰᠢᠯᠵᠢᠯᠲᠡ ᠬᠥᠳᠡᠯᠭᠡᠭᠡᠨ ᠴᠠᠭᠠᠨ ᠰᠠᠷ᠎ᠠ ᠶ᠋ᠢᠨ ᠦᠶ᠎ᠡ ᠪᠡᠷ ᠣᠭᠵᠣᠮ ᠪᠠᠭᠤᠷᠠᠭᠰᠠᠨ ᠪᠣᠯ ᠳᠠᠷᠠᠭ᠎ᠠ ᠨᠢ ᠺᠣᠷᠣᠨᠠ ᠸᠢᠷᠦ᠋ᠰ ᠦᠨ ᠠᠩᠬᠠᠨ ᠤ ᠬᠠᠯᠳᠠᠪᠤᠷᠢ ᠶ᠋ᠢᠨ ᠲᠣᠬᠢᠶᠠᠯᠳᠤᠯ ᠢᠯᠡᠷᠡᠬᠦ ᠦᠶ᠎ᠡ ᠳ᠋ᠥ ᠮᠥᠨ ᠪᠠᠭᠤᠷᠠᠭᠰᠠᠨ ᠪᠠᠶᠢᠨ᠎ᠠ ᠃ ᠪᠤᠰᠤᠳ ᠦᠶ᠎ᠡ ᠳ᠋ᠥ ᠬᠡᠪ ᠤᠨ ᠲᠦᠪᠰᠢᠨ ᠳ᠋ᠦ ᠣᠶᠢᠷᠠᠬᠠᠨ ᠪᠠᠶᠢᠵᠠᠢ᠃

ᠷᠧᠰᠲ᠋ᠣᠷᠠᠨ᠂ ᠺᠠᠹᠧ᠂ ᠳᠡᠯᠭᠡᠭᠦᠷ ᠂ ᠦᠵᠡᠪᠦᠷᠢ ᠦᠢᠯᠡᠴᠢᠯᠡᠭᠡᠨ ‍ᠣ ᠭᠠᠵᠠᠷ ᠤᠳ ᠲᠤ ᠣᠴᠢᠬᠤ ᠶᠠᠪᠤᠳᠠᠯ ᠰᠡᠭᠦᠯ ᠤᠨ ᠰᠠᠷ᠎ᠠ ᠭᠠᠷᠤᠢ ᠬᠤᠭᠤᠴᠠᠭᠠᠨ ᠳᠤ ᠳᠤᠮᠳᠠᠴᠢ ᠪᠡᠷ 16 ᠬᠤᠪᠢ ᠪᠠᠭᠤᠷᠠᠭᠰᠠᠨ ᠪᠣᠯ ᠨᠡᠶᠢᠲᠡ ᠶ᠋ᠢᠨ ᠲᠡᠭᠡᠭᠡᠪᠦᠷᠢ ᠪᠡᠷ ᠦᠢᠯᠡᠴᠢᠯᠡᠭᠦᠯᠬᠦ ᠬᠥᠮᠥᠰ ᠤᠨ ᠲᠣᠭ᠎ᠠ ᠮᠥᠨ 16 ᠬᠤᠪᠢ ᠪᠡᠷ ᠪᠠᠭᠤᠷᠠᠭᠰᠠᠨ ᠪᠠᠶᠢᠨ᠎ᠠ ᠃ ᠠᠵᠢᠯ ᠤᠨ ᠪᠠᠶᠢᠷᠢᠨ ᠤ ᠠᠴᠢᠶᠠᠯᠠᠯ 2 ᠣᠷᠴᠢᠮ ᠬᠤᠪᠢ ᠪᠡᠷ ᠪᠠᠭᠤᠷᠠᠭᠰᠠᠨ ᠪᠣᠯ ᠭᠡᠷ ᠲᠤ ᠪᠠᠨ ᠪᠠᠶᠢᠬᠤ ᠬᠤᠭᠤᠴᠠᠭ᠎ᠠ 2 ᠬᠤᠪᠢ ᠪᠡᠷ ᠥᠰᠦᠭᠰᠡᠨ ᠭᠡᠵᠡᠢ ᠃ ᠬᠠᠷᠢᠨ ᠡᠮ ᠤᠨ ᠰᠠᠩ ᠂ ᠬᠦᠨᠡᠰᠦᠨ ‍ᠣ ᠳᠡᠯᠭᠡᠭᠦᠷ ᠂ ᠴᠡᠴᠡᠷᠯᠢᠭᠲᠦ ᠬᠦᠷᠢᠶᠡᠯᠡᠩ ᠳ᠋ᠥ ᠣᠴᠢᠬᠤ ᠶᠠᠪᠤᠳᠠᠯ ᠲᠠᠪᠤᠨ ᠬᠤᠪᠢ ᠪᠡᠷ ᠨᠡᠮᠡᠭᠳᠡᠭᠰᠡᠨ ᠭᠡᠰᠡᠨ ᠲᠣᠭ᠎ᠠ ᠪᠠᠷᠢᠮᠲᠠ ᠭᠠᠷᠭᠠᠭᠰᠠᠨ ᠪᠠᠶᠢᠨ᠎ᠠ ᠃ ᠭᠡᠬᠦ ᠳ᠋ᠦ ᠪᠡᠨ ᠺᠣᠷᠣᠨᠠ ᠸᠢᠷᠦ᠋ᠰ ᠦᠨ ᠲᠠᠬᠤᠯ ᠬᠦᠴᠦᠲᠡᠢ ᠪᠠᠶᠢᠭ᠎ᠠ ᠤᠯᠤᠰ ᠣᠷᠣᠨ ᠂ ᠪᠦᠰᠡ ᠨᠤᠲᠤᠭ ᠤᠳ ᠤᠨ ᠬᠥᠮᠥᠨ ᠠᠮᠠ ᠶ᠋ᠢᠨ ᠰᠢᠯᠵᠢᠯᠲᠡ ᠬᠥᠳᠡᠯᠭᠡᠭᠡᠨ ‍ᠣ ᠪᠠᠭᠤᠷᠠᠯᠲᠠ ᠮᠣᠩᠭᠣᠯ ᠤᠯᠤᠰ ᠤᠨ ᠬᠢ ᠲᠠᠢ ᠬᠠᠷᠢᠴᠠᠭᠤᠯᠬᠤ ᠳᠤ ᠮᠠᠰᠢ ᠥᠨᠳᠥᠷ ᠪᠠᠶᠢᠭ᠎ᠠ ᠶᠤᠮ ᠃

 

ᠰᠡᠳᠬᠢᠭᠳᠡᠯ ᠦᠯᠡᠳᠡᠭᠡᠬᠦ