ᠪ᠊·ᠪᠠᠰᠠᠩᠬᠦᠦ ᠄  ᠳᠣᠲᠣᠷ ᠬᠥᠮᠥᠨ ᠢᠶ᠋ᠡᠨ ᠰᠡᠷᠡᠭᠡᠵᠦ ᠪᠠᠷᠢᠯᠳᠤᠳᠠᠭ ᠪᠣᠯᠣᠭᠰᠠᠨ | News.MN

ᠪ᠊·ᠪᠠᠰᠠᠩᠬᠦᠦ ᠄  ᠳᠣᠲᠣᠷ ᠬᠥᠮᠥᠨ ᠢᠶ᠋ᠡᠨ ᠰᠡᠷᠡᠭᠡᠵᠦ ᠪᠠᠷᠢᠯᠳᠤᠳᠠᠭ ᠪᠣᠯᠣᠭᠰᠠᠨ

ᠮᠣᠩᠭᠣᠯ ᠤᠨ ᠰᠠᠮᠪᠣ ᠪᠥᠬᠡ ᠶ᠋ᠢᠨ ᠰᠢᠭᠰᠢᠭᠡ ᠪᠠᠭ ᠤᠨ ᠲᠠᠮᠢᠷᠴᠢᠨ ᠂ ᠣᠯᠠᠨ ᠤᠯᠤᠰ ᠤᠨ ᠬᠡᠮᠵᠢᠶᠡᠨ ‍ᠣ ᠮᠠᠰᠲ᠋ᠧᠷ ᠪ᠊·ᠪᠠᠰᠠᠩᠬᠦᠦ ᠵᠢᠦᠳᠣᠣ ᠪᠥᠬᠡ ᠪᠡᠷ ᠴᠦ ᠪᠠᠰᠠ ᠪᠠᠷᠢᠯᠳᠤᠳᠠᠭ ᠃ ᠲᠡᠷᠡ ᠪᠡᠷ ᠡᠳᠦᠭᠡ 48  ᠺᠢᠯᠦᠭᠷᠡᠮ ᠤᠨ ᠵᠢᠩ ᠳ᠋ᠦ ᠠᠮᠵᠢᠯᠲᠠ ᠭᠠᠷᠭᠠᠵᠤ ᠶᠠᠪᠤᠭ᠎ᠠ ᠴᠥᠭᠡᠨ ᠲᠠᠮᠢᠷᠴᠢᠨ ᠤ ᠨᠢᠭᠡ ᠃ ᠣᠷᠣᠨ ᠣᠷᠣᠨ ᠤ ᠳᠡᠪᠵᠢᠶᠡᠨ ᠳ᠋ᠥ ᠵᠣᠳᠣᠭᠯᠠᠭᠰᠠᠨ ᠪᠠᠷᠢᠯᠳᠤᠭᠠᠨ ᠨᠢ ᠲᠡᠭᠦᠨ ᠳ᠋ᠥ ᠮᠠᠷᠲᠠᠭᠳᠠᠬᠤ ᠪᠠᠷ ᠦᠭᠡᠢ ᠳᠤᠷᠠᠰᠤᠮᠵᠢ ᠂ ᠰᠤᠷᠭᠠᠮᠵᠢ ᠦᠯᠡᠳᠡᠭᠡᠭᠰᠡᠨ ᠃ ᠲᠤᠬᠠᠶᠢᠯᠠᠪᠠᠯ ᠂ 2017 ᠣᠨ ᠳᠦ ᠠᠽᠢᠶ᠎ᠠ ᠶ᠋ᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳ᠋ᠤ ᠲᠦᠷᠦᠭᠦᠯᠡᠴᠢᠬᠡᠭᠡᠳ ᠺᠠᠽᠠᠭᠰᠲ᠋ᠠᠨ ᠤᠯᠤᠰ ᠤᠨ ᠶᠡᠷᠦᠩᠬᠡᠶᠢᠯᠡᠭᠴᠢ ᠶ᠋ᠢᠨ ᠢᠪᠡᠭᠡᠯ ᠳᠣᠣᠷ᠎ᠠ ᠠᠰᠲ᠋ᠠᠨᠠ ᠬᠣᠲᠠ ᠳᠦ ᠵᠣᠬᠢᠶᠠᠨ ᠪᠠᠶᠢᠭᠤᠯᠤᠭᠰᠠᠨ ᠳᠡᠯᠡᠬᠡᠢ ᠶ᠋ᠢᠨ ᠴᠣᠮᠣ ᠳ᠋ᠤ ᠦᠷᠭᠦᠯᠵᠢᠯᠡᠭᠦᠯᠦᠨ ᠬᠦᠴᠦ ᠰᠣᠷᠢᠵᠤ ᠂ ᠮᠥᠩᠭᠥᠨ ᠮᠧᠳᠠᠯ ᠵᠡᠭᠦᠭᠰᠡᠨ ᠨᠢ ᠰᠫᠣᠷᠲ ᠰᠣᠨᠢᠷᠬᠠᠭᠴᠢᠳ ᠢ ᠶᠡᠬᠡᠳᠡ ᠪᠠᠶᠠᠷᠯᠠᠭᠤᠯᠤᠭᠰᠠᠨ ᠶᠤᠮ ᠃

ᠲᠡᠷᠡ᠄ ︽ᠥᠷᠢᠰᠦᠯᠳᠦᠭᠴᠢ ᠪᠡᠨ ᠳᠤᠲᠠᠭᠤ ᠦᠨᠡᠯᠡᠵᠦ ᠪᠣᠯᠬᠤ ᠦᠭᠡᠢ︾ ᠭᠡᠳᠡᠭ ᠦᠭᠡ ᠰᠫᠣᠷᠲ ᠲᠤ ᠪᠤᠢ ᠃ ᠪᠤᠰᠤᠳ ᠡᠴᠠ ᠰᠤᠷᠤᠯᠴᠠᠬᠤ ᠨᠢ ᠪᠠᠰᠠ ᠨᠢᠭᠡ ᠠᠮᠵᠢᠯᠲᠠ ᠃ ᠮᠠᠨ ᠤ ᠪᠥᠬᠡᠴᠦᠳ ᠦᠨ ᠭᠠᠭᠴᠠ ᠳᠤᠲᠠᠭᠳᠠᠯ ᠪᠣᠯ ᠬᠡᠪᠲᠡᠭᠡ ᠪᠠᠷᠢᠯᠳᠤᠭᠠᠨ ᠢ ᠲᠦᠷᠦᠭᠦᠯᠡᠵᠦ ᠰᠤᠷᠳᠠᠭ᠃ ᠮᠠᠨ ᠤ ᠳᠤ ᠬᠡᠪᠲᠡᠭᠡ ᠪᠠᠷᠢᠯᠳᠤᠭᠠᠨ ᠂ ᠬᠥᠯ ᠳ᠋ᠥ ᠥᠴᠢᠬᠦ ᠮᠡᠬᠡ ᠨᠢᠭᠡ ᠶᠡᠬᠡ ᠰᠠᠶᠢᠨ ᠬᠥᠭᠵᠢᠭᠡ ᠦᠭᠡᠢ᠃ ᠭᠠᠳᠠᠭᠠᠳᠤ ᠶ᠋ᠢᠨ ᠪᠥᠬᠡᠴᠦᠳ ᠪᠣᠰᠣᠭ᠎ᠠ ᠡᠴᠠ ᠮᠡᠬᠡ ᠬᠢᠬᠦ ᠨᠢ ᠬᠣᠪᠣᠷ ᠂ ᠬᠠᠷᠢᠨ ᠬᠡᠪᠲᠡᠭᠡ ᠪᠠᠷᠢᠯᠳᠤᠭᠠᠨ ᠳ᠋ᠤ ᠭᠠᠷᠭᠠᠭᠤᠳ ᠃ ᠮᠠᠨ ᠤ ᠪᠥᠬᠡᠴᠦᠳ ᠢ ᠪᠣᠰᠣᠭ᠎ᠠ ᠪᠠᠷᠢᠯᠳᠤᠭᠠᠨ ᠳ᠋ᠤ ᠰᠠᠶᠢᠨ ᠢ ᠮᠡᠳᠡᠳᠡᠭ ᠲᠤᠯᠠ ᠲᠡᠳᠡ ᠪᠠᠷᠢᠯᠳᠤᠭᠠᠨ ᠡᠬᠢᠯᠡᠩᠭᠦᠲᠡ ᠬᠡᠪᠲᠡᠭᠡᠳ ᠣᠷᠣᠭᠤᠯᠵᠤ ᠬᠣᠵᠢᠳᠠᠭ ᠃ ᠮᠢᠨᠤ ᠳᠠᠷᠬᠠᠨ ᠮᠡᠬᠡ ᠳᠠᠪᠬᠤᠷ ᠬᠠᠮᠤᠬᠤ ᠃ ︽ᠲᠤᠤᠱᠲᠠᠢ᠂ ᠳᠠᠶᠢᠴᠢᠨ ᠵᠠᠩ ᠴᠢᠨᠠᠷ ᠴᠢᠨᠢ ᠴᠢᠮ᠎ᠠ ᠶ᠋ᠢ ᠤᠷᠤᠭᠰᠢᠯᠠᠭᠤᠯᠳᠠᠭ︾ ᠭᠡᠵᠦ ᠪᠠᠭᠰᠢ ᠨᠠᠷ ᠮᠢᠨᠢ ᠬᠡᠯᠡᠳᠡᠭ ᠃ ᠮᠠᠭᠲᠠᠭᠠᠯ ᠂ ᠰᠢᠭᠦᠮᠵᠢᠯᠡᠯ ᠢ ᠬᠠᠷᠠᠮ ᠦᠭᠡᠢ ᠬᠡᠯᠡᠳᠡᠭ ᠢᠲᠡᠭᠡᠯ ᠳᠠᠭᠠᠭᠠᠬᠤ ᠨᠠᠶᠢᠵᠠ ᠲᠠᠢ ᠪᠠᠶᠢᠨ᠎ᠠ ᠭᠡᠳᠡᠭ ᠰᠠᠶᠢᠬᠠᠨ ᠭᠡᠪᠡ ᠃

ᠰᠡᠳᠬᠢᠭᠳᠡᠯ ᠦᠯᠡᠳᠡᠭᠡᠬᠦ