ᠵᠢᠭᠠᠰᠤ ᠪᠠᠷᠢᠬᠤ ᠶ᠋ᠢ ᠬᠣᠷᠢᠭᠯᠠᠯ᠎ᠠ | News.MN

ᠵᠢᠭᠠᠰᠤ ᠪᠠᠷᠢᠬᠤ ᠶ᠋ᠢ ᠬᠣᠷᠢᠭᠯᠠᠯ᠎ᠠ

︽ᠠᠮᠢᠲᠠᠨ ᠤ ᠲᠤᠬᠠᠢ︾ ᠬᠠᠤᠯᠢ ᠳᠦ ᠵᠢᠭᠠᠭᠰᠠᠨ ᠤ ᠳᠠᠭᠠᠤ ᠳᠥᠷᠪᠡᠳᠦᠭᠡᠷ ᠰᠠᠷ᠎ᠠ ᠶ᠋ᠢᠨ 1 ᠡᠴᠡ ᠵᠢᠷᠭᠤᠳᠤᠭᠠᠷ ᠰᠠᠷ᠎ᠠ ᠶ᠋ᠢᠨ 15 ᠬᠦᠷᠲᠡᠯ᠎ᠡ ᠵᠢᠭᠠᠰᠤ ᠠᠩᠨᠠᠬᠤ ᠶ᠋ᠢ ᠬᠣᠷᠢᠭᠯᠠᠳᠠᠭ ᠲᠤᠯᠠ ᠡᠨᠡ ᠬᠤᠭᠤᠴᠠᠭᠠᠨ ᠳᠦ ᠵᠢᠭᠠᠰᠤ ᠠᠩᠨᠠᠬᠤ ᠦᠭᠡᠢ ᠪᠠᠶᠢᠬᠤ ᠶ᠋ᠢ ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠶᠠᠮᠤᠨ ᠡᠴᠠ ᠠᠩᠬᠠᠷᠤᠭᠤᠯᠤᠯ᠎ᠠ᠃

︽ᠠᠮᠢᠲᠠᠨ ᠤ ᠲᠤᠬᠠᠢ ︾ ᠬᠠᠤᠯᠢ ᠶ᠋ᠢᠨ 9.2.8 ᠳ᠋ᠥ ᠵᠢᠭᠠᠰᠤ ᠶ᠋ᠢ ᠦᠷᠡᠵᠢᠯ ᠤᠨ ᠦᠶ᠎ᠡ ᠳ᠋ᠥ ᠨᠢ ᠠᠩᠨᠠᠬᠤ ᠶ᠋ᠢ ᠬᠣᠷᠢᠭᠯᠠᠨ᠎ᠠ ᠭᠡᠵᠦ ᠵᠢᠭᠠᠭᠰᠠᠨ ᠪᠠᠶᠢᠳᠠᠭ ᠃ ᠵᠢᠭᠠᠰᠤ ᠦᠷᠡᠵᠢᠯ  ᠤᠨ ᠦᠶ᠎ᠡ ᠳ᠋ᠦ ᠪᠡᠨ ᠣᠯᠠᠨ ᠲᠣᠭᠠᠨ ᠤ ᠲᠦᠷᠢᠰᠦ ᠰᠢᠬᠠᠳᠠᠭ ᠴᠦ ᠲᠡᠳᠡᠭᠡᠷ ᠤᠨ 1000 ᠲᠦᠷᠢᠰᠦ ᠲᠤᠲᠤᠮ ᠤᠨ ᠨᠢᠭᠡ ᠨᠢ ᠯᠡ ᠵᠢᠷᠠᠭᠠᠬᠠᠢ ᠪᠣᠯᠳᠠᠭ ᠪᠠᠶᠢᠨ᠎ᠠ ᠃ ᠤᠭ ᠬᠠᠤᠯᠢ ᠶ᠋ᠢ ᠵᠥᠷᠢᠴᠡᠭᠰᠡᠨ ᠬᠠᠤᠯᠢ ᠶ᠋ᠢᠨ ᠡᠲᠡᠭᠡᠳ ᠢ ᠬᠥᠳᠡᠯᠮᠦᠷᠢ ᠶ᠋ᠢᠨ ᠬᠥᠯᠥᠰᠦᠨ ᠦ ᠳᠣᠣᠷᠠᠳᠤ ᠬᠡᠮᠵᠢᠶ᠎ᠡ ᠶ᠋ᠢ 5 ᠳᠠᠬᠢᠨ ᠨᠡᠮᠡᠭᠳᠡᠭᠦᠯᠦᠭᠰᠡᠨ ᠲᠠᠢ ᠲᠡᠩᠴᠡᠬᠦ ᠬᠡᠮᠵᠢᠶᠡᠨ ‍ᠣ ᠮᠥᠩᠭᠥᠨ ᠳ᠋ᠦᠩ ᠢᠶ᠋ᠡᠷ  ᠲᠤᠷᠭᠠᠳᠠᠭ ᠃ ᠪᠦᠬᠦ ᠵᠢᠭᠠᠰᠤᠨ ᠤ ᠦᠷᠡᠵᠢᠬᠦ ᠬᠤᠭᠤᠴᠠᠭ᠎ᠠ ᠬᠠᠷᠢᠯᠴᠠᠨ ᠠᠳᠠᠯᠢ ᠦᠭᠡᠢ ᠲᠤᠯᠠ ︽ᠠᠮᠢᠲᠠᠨ ᠤ ᠲᠤᠬᠠᠢ︾ ᠬᠠᠤᠯᠢ ᠳᠤ ᠵᠠᠷᠢᠮ ᠴᠥᠭᠡᠨ ᠵᠦᠢᠯ ᠢ ᠠᠩᠨᠠᠬᠤ ᠶ᠋ᠢ ᠬᠣᠷᠢᠭᠯᠠᠭᠰᠠᠨ ᠬᠤᠭᠤᠴᠠᠭ᠎ᠠ ᠶ᠋ᠢ ᠢᠯᠭᠠᠭ᠎ᠠ ᠲᠠᠢ ᠲᠣᠭᠲᠠᠭᠠᠭᠰᠠᠨ ᠪᠠᠶᠢᠳᠠᠭ ᠃ ᠲᠤᠬᠠᠶᠢᠯᠠᠪᠠᠯ ᠄  ᠳᠠᠷᠬᠠᠳ ᠤᠨ ᠴᠠᠭᠠᠨ ᠵᠢᠭᠠᠰᠤ ᠶ᠋ᠢ ᠵᠢᠯ ᠪᠦᠷᠢ ᠶ᠋ᠢᠨ 8 ᠳ᠋ᠤᠭᠠᠷ ᠰᠠᠷ᠎ᠠ ᠶ᠋ᠢᠨ 1 ᠤ ᠡᠳᠦᠷ ᠡᠴᠡ 10 ᠳ᠋ᠤᠭᠠᠷ ᠰᠠᠷ᠎ᠠ ᠶ᠋ᠢᠨ 20 ᠬᠦᠷᠲᠡᠯ᠎ᠡ ᠂ ᠪᠣᠶᠢᠷ ᠨᠠᠭᠤᠷ ᠤᠨ ᠵᠢᠭᠠᠰᠤ ᠶ᠋ᠢ 5 ᠳ᠋ᠤᠭᠠᠷ ᠰᠠᠷ᠎ᠠ ᠶ᠋ᠢᠨ 15 ᠡᠴᠠ 8 ᠳ᠋ᠤᠭᠠᠷ ᠰᠠᠷ᠎ᠠ ᠶ᠋ᠢᠨ 1 ᠬᠦᠷᠲᠡᠯ᠎ᠡ ᠂ ᠣᠮᠣᠯᠢ ᠵᠢᠭᠠᠰᠤ ᠶ᠋ᠢ 8 ᠳ᠋ᠤᠭᠠᠷ ᠰᠠᠷ᠎ᠠ ᠶ᠋ᠢᠨ 30 ᠡᠴᠠ 10 ᠳ᠋ᠤᠭᠠᠷ ᠰᠠᠷ᠎ᠠ ᠶ᠋ᠢᠨ 30 ᠂ ᠵᠠᠷᠮ᠎ᠠ ᠵᠢᠭᠠᠰᠤ ᠶ᠋ᠢ 9 ᠳ᠋ᠤᠭᠡᠷ ᠰᠠᠷ᠎ᠠ ᠶ᠋ᠢᠨ 5 ᠡᠴᠠ ᠳᠠᠷᠠᠭ᠎ᠠ ᠣᠨ ᠤ 1 ‍ ᠳ᠋ᠤᠭᠡᠷ ᠰᠠᠷ᠎ᠠ ᠶ᠋ᠢᠨ 30 ᠂ ᠠᠯᠲᠠᠢ ᠶ᠋ᠢᠨ ᠰᠤᠭᠤᠰᠤ ᠵᠢᠭᠠᠰᠤ ᠶ᠋ᠢ 6 ᠳ᠋ᠤᠭᠠᠷ ᠰᠠᠷ᠎ᠠ ᠶ᠋ᠢᠨ 15 ᠡᠴᠠ 8 ᠳ᠋ᠤᠭᠠᠷ ᠰᠠᠷ᠎ᠠ ᠶ᠋ᠢᠨ 31 ᠂ ᠪᠤᠰᠤᠳ ᠵᠢᠭᠠᠰᠤ ᠶ᠋ᠢ ᠵᠢᠯ ᠪᠦᠷᠢ ᠶ᠋ᠢᠨ 4 ᠳ᠋ᠤᠭᠡᠷ ᠰᠠᠷ᠎ᠠ ᠶ᠋ᠢᠨ 1 ᠡᠴᠡ 6 ᠳ᠋ᠤᠭᠠᠷ ᠰᠠᠷ᠎ᠠ ᠶ᠋ᠢᠨ 15 ᠤ ᠡᠳᠦᠷ ᠬᠦᠷᠲᠡᠯ᠎ᠡ ᠠᠩᠨᠠᠬᠤ ᠶ᠋ᠢ ᠲᠤᠰ ᠲᠤᠰ ᠬᠣᠷᠢᠭᠯᠠᠳᠠᠭ ᠃

ᠰᠡᠳᠬᠢᠭᠳᠡᠯ ᠦᠯᠡᠳᠡᠭᠡᠬᠦ