ᠳ᠋᠊ · ᠯᠦᠩᠳᠦᠭᠵᠡᠯᠰᠡᠨ ᠄  ᠭᠡᠰᠢᠭᠦᠳ ᠲᠥᠷᠥ ᠶ᠋ᠢᠨ ᠣᠷᠳᠣᠨ ᠤ ᠲᠠᠩᠬᠢᠮ ᠤᠳ ᠲᠤ ᠬᠤᠪᠢᠶᠠᠭᠳᠠᠨ ᠬᠤᠷᠠᠯᠳᠤᠭᠠᠨ ᠳᠦ ᠣᠷᠣᠯᠴᠠᠨ᠎ᠠ | News.MN

ᠳ᠋᠊ · ᠯᠦᠩᠳᠦᠭᠵᠡᠯᠰᠡᠨ ᠄  ᠭᠡᠰᠢᠭᠦᠳ ᠲᠥᠷᠥ ᠶ᠋ᠢᠨ ᠣᠷᠳᠣᠨ ᠤ ᠲᠠᠩᠬᠢᠮ ᠤᠳ ᠲᠤ ᠬᠤᠪᠢᠶᠠᠭᠳᠠᠨ ᠬᠤᠷᠠᠯᠳᠤᠭᠠᠨ ᠳᠦ ᠣᠷᠣᠯᠴᠠᠨ᠎ᠠ

 

ᠤᠯᠤᠰ ᠤᠨ ᠶᠡᠬᠡ ᠬᠤᠷᠠᠯ ᠤᠨ 2020 ᠣᠨ ᠤ ᠬᠠᠪᠤᠷ ᠤᠨ ᠡᠭᠡᠯᠵᠢᠲᠦ ᠴᠢᠭᠤᠯᠭᠠᠨ ᠢᠷᠡᠬᠦ ᠳᠠᠸᠠ ᠭᠠᠷᠠᠭ ᠲᠤ ᠪᠤᠶᠤ ᠳᠦᠷᠪᠡᠳᠦᠭᠡᠷ ᠰᠠᠷ᠎ᠠ ᠶ᠋ᠢᠨ 6 ᠳ᠋ᠥ ᠨᠡᠭᠡᠭᠡᠯᠲᠡ ᠪᠡᠨ ᠬᠢᠬᠦ ᠭᠡᠵᠦ ᠪᠠᠶᠢᠨ᠎ᠠ ᠃ ᠡᠨᠡ ᠤᠳᠠᠭᠠᠨ ᠤ ᠴᠢᠭᠤᠯᠭᠠᠨ 2016  2020 ᠣᠨ ᠤ ᠫᠠᠷᠯᠠᠮᠧᠨ᠋ᠲ ᠤᠨ ᠬᠠᠮᠤᠭ ᠤᠨ ᠰᠡᠭᠦᠯ ᠤᠨ ᠴᠢᠭᠤᠯᠭᠠᠨ ᠭᠡᠳᠡᠭ ᠢᠶ᠋ᠡᠷ ᠢᠶ᠋ᠡᠨ ᠣᠨᠴᠠᠯᠢᠭ ᠲᠠᠢ ᠶᠤᠮ ᠃ ᠭᠡᠪᠡᠴᠦ ᠡᠷᠡᠭᠦᠯ ᠮᠡᠨᠳᠦ ᠶ᠋ᠢᠨ ᠪᠠᠶᠢᠭᠤᠯᠭ᠎ᠠ ᠡᠴᠠ ᠺᠣᠷᠣᠨᠠ ᠸᠢᠷᠦ᠋ᠰ ᠦᠨ ᠳᠡᠭᠳᠡᠯᠲᠡ ᠶ᠋ᠢᠨ ᠦᠶ᠎ᠡ ᠳ᠋ᠥ ᠬᠥᠮᠥᠰ ᠢ ᠣᠯᠠᠨ ᠢᠶᠠᠷ ᠴᠤᠭᠯᠠᠷᠠᠬᠤ ᠦᠭᠡᠢ ᠪᠠᠶᠢᠬᠤ ᠲᠤᠬᠠᠢ ᠵᠥᠪᠯᠡᠮᠵᠢ ᠭᠠᠷᠭᠠᠭᠰᠠᠭᠠᠷ ᠪᠠᠶᠢᠭ᠎ᠠ ᠃ ᠤᠭ ᠵᠥᠪᠯᠡᠮᠵᠢ ᠶ᠋ᠢᠨ ᠳᠠᠭᠠᠤ ᠤᠯᠤᠰ ᠤᠨ ᠶᠡᠬᠡ ᠬᠤᠷᠠᠯ ᠤᠨ ᠭᠡᠰᠢᠭᠦᠳ ᠴᠢᠭᠤᠯᠭᠠᠨ ᠤ ᠲᠠᠩᠬᠢᠮ ᠳᠦ ᠴᠤᠭᠯᠠᠷᠠᠵᠤ ᠂ ᠬᠤᠷᠠᠯᠳᠤᠬᠤ ᠪᠣᠯᠣᠮᠵᠢ ᠦᠭᠡᠢ ᠪᠣᠯᠣᠭᠰᠠᠨ ᠭᠡᠵᠦ ᠦᠵᠡᠭᠰᠡᠨ ᠤᠴᠢᠷ ᠡᠴᠠ ᠤᠯᠤᠰ ᠤᠨ ᠶᠡᠬᠡ ᠬᠤᠷᠠᠯ ᠤᠨ ᠭᠡᠰᠢᠭᠦᠨ ᠳ᠋᠊ · ᠯᠦᠩᠳᠦᠭᠵᠡᠯᠰᠡᠨ ᠨᠠᠷ ᠤᠨ ᠭᠡᠰᠢᠭᠦᠳ ᠴᠢᠭᠤᠯᠭᠠᠨ ᠤ ᠬᠤᠷᠠᠯᠳᠤᠭᠠᠨ ᠢ ᠴᠠᠬᠢᠮ ᠢᠶᠠᠷ ᠶᠠᠪᠤᠭᠤᠯᠬᠤ ᠲᠤᠬᠠᠢ ᠬᠠᠤᠯᠢ ᠶ᠋ᠢᠨ ᠲᠥᠰᠥᠯ ᠡᠷᠭᠦᠨ ᠪᠠᠷᠢᠵᠠᠢ ᠃ ᠡᠨᠡ ᠲᠠᠯ᠎ᠠ ᠪᠡᠷ ᠳ᠋᠊· ᠯᠦᠩᠳᠦᠭᠵᠡᠯᠰᠡᠨ ᠡᠴᠡ ᠲᠣᠳᠣᠷᠠᠭᠤᠯᠤᠯ᠎ᠠ ᠃

 ᠬᠠᠤᠯᠢ ᠳᠦ ᠶᠠᠮᠠᠷ ᠥᠭᠡᠷᠡᠴᠢᠯᠡᠯᠲᠡ ᠣᠷᠣᠭᠤᠯᠵᠤ ᠪᠠᠶᠢᠭ᠎ᠠ ᠪᠤᠢ ︖

 ᠳᠡᠯᠡᠬᠡᠢ ᠶ᠋ᠢᠨ ᠡᠷᠡᠭᠦᠯ ᠮᠡᠨᠳᠦ ᠶ᠋ᠢᠨ ᠪᠠᠶᠢᠭᠤᠯᠭ᠎ᠠ ᠪᠣᠯᠣᠨ ᠤᠯᠤᠰ ᠤᠨ ᠤᠨᠴᠠᠭᠠᠢ ᠺᠤᠮᠢᠰ ᠡᠴᠠ ᠬᠥᠮᠥᠰ ᠢ ᠬᠣᠭᠣᠷᠣᠨᠳᠤ ᠪᠠᠨ 2  3 ᠮᠧᠲ᠋ᠷ ᠵᠠᠶᠢᠲᠠᠢ ᠪᠠᠶᠢᠬᠤ ᠶᠢ ᠵᠥᠪᠯᠡᠭᠰᠡᠭᠡᠷ ᠪᠠᠶᠢᠨ᠎ᠠ ᠃ ᠲᠥᠷᠥ ᠶ᠋ᠢᠨ ᠡᠷᠬᠡ ᠪᠠᠷᠢᠬᠤ ᠳᠡᠭᠡᠳᠦ ᠪᠠᠶᠢᠭᠤᠯᠭ᠎ᠠ ᠶᠠᠮᠠᠷ ᠴᠦ ᠦᠶ᠎ᠡ ᠳ᠋ᠥ ᠲᠠᠰᠤᠷᠠᠯᠲᠠ ᠦᠭᠡᠢ ᠦᠢᠯᠡ ᠠᠵᠢᠯᠯᠠᠭ᠎ᠠ ᠶᠠᠪᠤᠭᠤᠯᠬᠤ ᠶᠣᠰᠣᠲᠠᠢ ᠃ ᠭᠡᠲᠡᠯ᠎ᠡ ᠸᠢᠷᠦ᠋ᠰ ᠦᠨ ᠲᠠᠷᠬᠠᠯᠲᠠ ᠂ ᠬᠠᠪᠤᠷ ᠤᠨ ᠴᠢᠭᠤᠯᠭᠠᠨ ᠤ ᠨᠡᠭᠡᠭᠡᠯᠲᠡ ᠳᠠᠪᠬᠤᠴᠠᠭᠠᠳ ᠪᠠᠶᠢᠨ᠎ᠠ ᠃ ᠲᠡᠶᠢᠮᠦ ᠡᠴᠡ ᠡᠬᠢᠯᠡᠭᠡᠳ ᠢᠷᠡᠴᠡ ᠪᠡᠨ ᠪᠦᠷᠢᠳᠦᠭᠦᠯᠵᠦ ᠂ ᠴᠢᠭᠤᠯᠭᠠᠨ ᠤ ᠨᠡᠭᠡᠭᠡᠯᠲᠡ ᠶ᠋ᠢ ᠬᠢᠵᠦ ᠂ ᠴᠠᠬᠢᠮ ᠬᠤᠷᠠᠯᠳᠤᠭᠠᠨ ᠤ ᠳᠢᠭ ᠢ ᠪᠠᠲᠤᠯᠠᠵᠤ ᠪᠠᠶᠢᠵᠤ ᠂ ᠴᠠᠭᠠᠰᠢᠳᠠ ᠬᠤᠷᠠᠯᠳᠤᠬᠤ ᠨᠥᠬᠥᠴᠡᠯ ᠪᠦᠷᠢᠳᠬᠦ ᠶᠤᠮ ᠃

ᠴᠠᠬᠢᠮ ᠢᠶᠠᠷ ᠬᠤᠷᠠᠯᠳᠤᠬᠤ ᠦᠶ᠎ᠡ ᠳ᠋ᠥ ᠭᠡᠰᠢᠭᠦᠳ ᠪᠦᠭᠦᠳᠡ ᠬᠤᠷᠠᠯᠳᠤᠭᠠᠨ ᠳᠦ ᠣᠷᠣᠯᠴᠠᠨ᠎ᠠ ᠃ ᠠᠰᠠᠭᠤᠯᠲᠠ ᠲᠠᠯᠪᠢᠵᠤ ᠂ ᠬᠠᠷᠢᠭᠤᠯᠲᠠ ᠠᠪᠤᠨ᠎ᠠ ᠃ ᠰᠠᠨᠠᠯ ᠢᠶᠡᠨ ᠢᠯᠡ ᠪᠡᠷ ᠬᠤᠷᠢᠶᠠᠨ᠎ᠠ ᠃ ᠵᠥᠪᠬᠡᠨ ᠨᠢᠭᠤᠴᠠ ᠰᠠᠨᠠᠯ ᠬᠤᠷᠢᠶᠠᠯᠲᠠ ᠲᠠᠢ ᠦᠶ᠎ᠡ ᠳ᠋ᠥ ᠬᠡᠴᠡᠭᠦᠦ ᠪᠠᠶᠢᠭ᠎ᠠ ᠶᠤᠮ ᠃

 ᠭᠡᠰᠢᠭᠦᠳ ᠢ ᠲᠥᠷᠥ ᠶ᠋ᠢᠨ ᠣᠷᠳᠣᠨ ᠤ ᠬᠤᠷᠠᠯᠳᠤᠭᠠᠨ ᠤ ᠲᠠᠩᠬᠢᠮ ᠤᠳ ᠲᠤ ᠬᠤᠪᠢᠶᠠᠷᠢᠯᠠᠨ ᠴᠢᠭᠤᠯᠭᠠᠨ ᠤ ᠬᠤᠷᠠᠯᠳᠤᠭᠠᠨ ᠢ ᠶᠠᠪᠤᠭᠤᠯᠤᠨ᠎ᠠ ᠭᠡᠳᠡᠭ ᠮᠡᠳᠡᠭᠡᠯᠡᠯ ᠪᠠᠶᠢᠭ᠎ᠠ ᠃ ᠡᠨᠡ ᠲᠠᠯ᠎ᠠ ᠪᠡᠷ ᠲᠣᠳᠣᠷᠠᠭᠤᠯᠬᠤ ᠦᠭᠡᠢ ‍ᠦᠦ ︖

 ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠤᠷᠠᠯᠳᠤᠭᠠᠨ ᠤ ᠲᠠᠩᠬᠢᠮ ᠳᠤ ᠶᠡᠬᠡ ᠬᠤᠷᠠᠯ ᠤᠨ ᠳᠠᠷᠤᠭ᠎ᠠ ᠡᠰᠡᠪᠡᠯ ᠳᠡᠳ᠋ ᠳᠠᠷᠤᠭ᠎ᠠ ᠬᠤᠷᠠᠯᠳᠤᠭᠠᠨ ᠢ ᠤᠳᠤᠷᠢᠳᠤᠨ᠎ᠠ᠃ ᠲᠡᠷᠡ ᠲᠠᠩᠬᠢᠮ ᠳᠤ ᠤᠯᠤᠰ ᠤᠨ ᠶᠡᠬᠡ ᠬᠤᠷᠠᠯ ᠤᠨ ᠳᠠᠷᠤᠭ᠎ᠠ ᠶ᠋ᠢᠨ ᠵᠥᠪᠯᠡᠯ ᠤᠨ ᠭᠡᠰᠢᠭᠦᠳ᠂ ᠨᠠᠮ ᠡᠪᠰᠡᠯ ᠤᠨ ᠪᠦᠯᠦᠭ ᠤᠨ ᠲᠥᠯᠥᠭᠡᠯᠡᠯ ᠂ ᠪᠠᠶᠢᠩᠭᠤ ᠶ᠋ᠢᠨ ᠬᠣᠷᠢᠶᠠᠳ ᠤᠨ ᠳᠠᠷᠤᠭ᠎ᠠ ᠨᠠᠷ ᠪᠠᠶᠢᠬᠤ ᠶᠣᠰᠣᠲᠠᠢ᠃ ᠲᠣᠮᠣ ᠲᠠᠩᠬᠢᠮ ᠳᠤ 10 ᠭᠠᠷᠤᠢ ᠬᠥᠮᠥᠨ ᠲᠠᠷᠠᠭᠠᠳ ᠰᠠᠭᠤᠴᠢᠬᠠᠬᠤ ᠳ᠋ᠤ ᠪᠣᠯᠬᠤ ᠪᠠᠶᠢᠬᠤ᠃ ᠪᠤᠰᠤᠳ ᠨᠢ ᠲᠥᠷᠥ ᠶ᠋ᠢᠨ ᠣᠷᠳᠣᠨ ᠤ ︽ᠶᠡᠬᠡ ᠡᠵᠡᠨ ᠴᠢᠩᠭᠢᠰ ᠬᠠᠭᠠᠨ︾ ᠤ ᠲᠠᠩᠬᠢᠮ᠂  ︽ᠰᠦᠬᠡᠪᠠᠭᠠᠲᠤᠷ︾ ᠤᠨ ᠲᠠᠩᠬᠢᠮ ᠵᠡᠷᠭᠡ ᠳᠦ  ᠬᠤᠪᠢᠶᠠᠭᠳᠠᠨ ᠰᠠᠭᠤᠵᠤ ᠪᠣᠯᠣᠨ᠎ᠠ ᠃ ᠮᠥᠨ ᠵᠠᠷᠢᠮ ᠨᠢ ᠥᠷᠥᠭᠡᠨ ᠡᠴᠡ ᠪᠡᠨ ᠰᠢᠭᠤᠳ ᠬᠣᠯᠪᠣᠭᠳᠠᠨ ᠬᠤᠷᠠᠯᠳᠤᠭᠠᠨ ᠳᠦ ᠣᠷᠣᠯᠴᠠᠵᠤ ᠪᠣᠯᠣᠨ᠎ᠠ ᠃

 ᠴᠠᠬᠢᠮ ᠢᠶᠠᠷ ᠬᠤᠷᠠᠯᠳᠤᠬᠤ ᠲᠣᠨᠣᠭ ᠲᠥᠬᠥᠭᠡᠷᠦᠮᠵᠢ ᠶ᠋ᠢᠨ ᠪᠡᠯᠡᠳᠬᠡᠯ ᠬᠢᠷᠢ ᠬᠠᠩᠭᠠᠭᠳᠠᠭᠰᠠᠨ ᠪᠤᠢ ︖

 ᠬᠣᠯᠪᠣᠭ᠎ᠠ ᠬᠠᠷᠢᠯᠴᠠᠭ᠎ᠠ᠂ ᠲᠧᠭᠨᠣᠯᠣᠭᠢ ᠶ᠋ᠢᠨ ᠪᠠᠶᠢᠭᠤᠯᠭ᠎ᠠ ᠪᠣᠯᠣᠨ ᠲᠠᠩᠨᠠᠭᠤᠯ ᠤᠨ ᠪᠠᠶᠢᠭᠤᠯᠭ᠎ᠠ ᠲᠠᠢ ᠨᠢᠭᠲᠠ ᠬᠠᠮᠲᠤᠷᠠᠨ ᠠᠵᠢᠯᠯᠠᠭᠠᠳ ᠲᠧᠭᠨᠢᠭ ᠤᠨ ᠰᠣᠷᠢᠯ ᠥᠨᠥᠳᠥᠷ ᠡᠴᠡ ᠬᠢᠭᠳᠡᠵᠦ ᠪᠠᠶᠢᠨ᠎ᠠ ᠃

ᠰᠡᠳᠬᠢᠭᠳᠡᠯ ᠦᠯᠡᠳᠡᠭᠡᠬᠦ