37.8 ᠰᠠᠶ᠎ᠠ ᠲᠥᠭᠥᠷᠢᠭ ᠤᠨ ᠠᠯᠲᠠ᠂ ᠦᠨᠡᠲᠦ ᠮᠸᠲ᠋ᠠᠯ ᠢ ᠲᠦᠷ ᠬᠤᠷᠢᠶᠠᠵᠠᠢ | News.MN

37.8 ᠰᠠᠶ᠎ᠠ ᠲᠥᠭᠥᠷᠢᠭ ᠤᠨ ᠠᠯᠲᠠ᠂ ᠦᠨᠡᠲᠦ ᠮᠸᠲ᠋ᠠᠯ ᠢ ᠲᠦᠷ ᠬᠤᠷᠢᠶᠠᠵᠠᠢ

ᠭᠠᠶᠢᠯᠢ ᠶ᠋ᠢᠨ ᠪᠠᠶᠢᠭᠤᠯᠭ᠎ᠠ ᠥᠩᠭᠡᠷᠡᠭᠰᠡᠨ ᠭᠤᠷᠪᠠᠳᠤᠭᠠᠷ ᠰᠠᠷ᠎ᠠ  ᠳᠤ ᠨᠡᠶᠢᠲᠡ 77 ᠵᠥᠷᠢᠴᠡᠯ ᠢᠯᠡᠷᠡᠭᠦᠯᠦᠭᠰᠡᠨ ᠪᠥᠭᠡᠳ 63 ᠰᠠᠶ᠎ᠠ ᠲᠥᠭᠥᠷᠢᠭ ᠤᠨ ᠲᠣᠷᠭᠠᠭᠤᠯᠢ ᠨᠣᠭᠳᠠᠭᠤᠯᠵᠤ ᠂ 93.45 ᠰᠠᠶ᠎ᠠ ᠲᠥᠭᠥᠷᠢᠭ ᠤᠨ ᠲᠠᠲᠠᠪᠤᠷᠢ ᠨᠥᠬᠥᠨ ᠲᠥᠯᠥᠭᠦᠯᠦᠭᠰᠡᠨ ᠲᠠᠯ᠎ᠠ ᠪᠡᠷ ᠭᠠᠶᠢᠯᠢ ᠶᠢᠨ  ᠶᠡᠷᠦᠩᠬᠡᠢ  ᠭᠠᠵᠠᠷ ᠤᠨ ᠵᠥᠷᠢᠴᠡᠯ ᠲᠠᠢ ᠲᠡᠮᠡᠴᠡᠬᠦ ᠂ ᠬᠡᠷᠡᠭ ᠪᠦᠷᠢᠳᠬᠡᠬᠦ ᠭᠠᠵᠠᠷ ᠤᠨ ᠠᠯᠪᠠᠨ ᠤ ᠳᠠᠷᠤᠭ᠎ᠠ ᠪ᠊·ᠰᠦ᠋ᠬᠡᠪᠠᠭᠠᠲᠤᠷ ᠮᠡᠳᠡᠭᠡᠯᠡᠯ᠎ᠡ ᠃

ᠵᠥᠷᠢᠴᠡᠯ ᠦᠨ ᠤᠯᠠᠮ ᠡᠴᠠ ᠤᠯᠤᠰ ᠤᠨ ᠣᠷᠣᠯᠭ᠎ᠠ ᠪᠣᠯᠵᠤ ᠬᠤᠷᠢᠶᠠᠭᠳᠠᠭᠰᠠᠨ ᠪᠠᠷᠠᠭ᠎ᠠ ᠡᠳ᠋ ᠵᠦᠢᠯ  ᠤᠨ ᠦᠨ᠎ᠡ 3.7 ᠰᠠᠶ᠎ᠠ ᠲᠥᠭᠥᠷᠢᠭ ᠪᠠᠶᠢᠵᠠᠢ ᠃ ᠬᠠᠷᠢᠨ ᠡᠷᠡᠭᠦᠦ ᠶ᠋ᠢᠨ ᠰᠢᠨᠵᠢ ᠲᠠᠢ ᠬᠡᠷᠡᠭ  ᠤᠨ ᠤᠯᠠᠮ ᠡᠴᠠ ᠲᠦᠷ ᠬᠤᠷᠢᠶᠠᠭᠰᠠᠨ ᠠᠯᠲᠠ ᠨᠢ 37.8 ᠰᠠᠶ᠎ᠠ ᠲᠥᠭᠥᠷᠢᠭ ᠪᠣᠯᠣᠭᠰᠠᠨ ᠪᠠᠶᠢᠨ᠎ᠠ ᠃ ᠲᠡᠷᠡ ᠬᠦ ᠮᠸᠲ᠋ᠠᠯ ᠢ ᠰᠢᠯᠭᠠᠭᠠᠳ ᠠᠯᠲᠠ ᠮᠥᠨ ᠪᠣᠯ  ᠪᠦᠷᠢᠮᠦᠰᠦᠨ ᠤᠯᠤᠰ ᠤᠨ ᠣᠷᠣᠯᠭ᠎ᠠ ᠪᠣᠯᠭᠠᠵᠤ ᠂ ᠪᠢᠰᠢ ᠪᠣᠯ ᠪᠤᠴᠠᠭᠠᠵᠤ ᠣᠯᠭᠣᠬᠤ ᠶᠤᠮ ᠪᠠᠶᠢᠨ᠎ᠠ ᠃ ᠭᠠᠶᠢᠯᠢ ᠶ᠋ᠢᠨ ᠪᠠᠶᠢᠭᠤᠯᠭ᠎ᠠ ᠶ᠋ᠢᠨ ᠡᠬᠢᠨ ‍ᠣ ᠭᠤᠷᠪᠠᠨ ᠰᠠᠷ᠎ᠠ ᠶ᠋ᠢᠨ ᠦᠵᠡᠭᠦᠯᠦᠯᠲᠡ ᠶ᠋ᠢ ᠬᠠᠷᠠᠪᠠᠯ 217 ᠵᠥᠷᠢᠴᠡᠯ ᠢᠯᠡᠷᠡᠭᠦᠯᠵᠦ ᠂ 271.6 ᠰᠠᠶ᠎ᠠ ᠲᠥᠭᠥᠷᠢᠭ ᠤᠨ ᠲᠣᠷᠭᠠᠭᠤᠯᠢ ᠨᠣᠭᠳᠠᠭᠤᠯᠵᠤ ᠂ 425.81 ᠰᠠᠶ᠎ᠠ ᠲᠥᠭᠥᠷᠢᠭ ᠤᠨ ᠲᠠᠲᠠᠪᠤᠷᠢ ᠨᠥᠬᠥᠨ  ᠲᠦᠯᠦᠭᠦᠯᠵᠡᠢ ᠃

 

ᠰᠡᠳᠬᠢᠭᠳᠡᠯ ᠦᠯᠡᠳᠡᠭᠡᠬᠦ