ᠰᠤᠶᠤᠯ ᠤᠨ ᠪᠦᠲᠦᠭᠡᠯᠴᠢ ᠦᠢᠯᠡᠳᠪᠦᠷᠢᠯᠡᠯ ᠊ᠢ ᠡ‍ᠷᠭᠢᠯᠲᠡ ᠳ᠋ᠦ ᠣᠷᠤᠭᠤᠯᠵᠤ ᠪᠠᠢᠢᠨ᠎ᠠ | News.MN

ᠰᠤᠶᠤᠯ ᠤᠨ ᠪᠦᠲᠦᠭᠡᠯᠴᠢ ᠦᠢᠯᠡᠳᠪᠦᠷᠢᠯᠡᠯ ᠊ᠢ ᠡ‍ᠷᠭᠢᠯᠲᠡ ᠳ᠋ᠦ ᠣᠷᠤᠭᠤᠯᠵᠤ ᠪᠠᠢᠢᠨ᠎ᠠ

ᠬᠡᠨᠲᠡᠢ ᠠᠢᠢᠮᠠᠭ ᠵᠢᠯ ᠪᠦᠷᠢ ᠤᠯᠠᠮᠵᠢᠯᠠᠯᠲᠤ ᠶᠤᠰᠣ ᠵᠠᠩᠰᠢᠯ ᠵᠢᠨᠨ ᠲᠤᠳᠤᠳᠬᠠᠭᠰᠠᠨ ᠦᠢᠯᠡ ᠠᠵᠢᠯᠯᠠᠭ᠎ᠠ ᠨᠤᠭᠤᠳ ᠵᠤᠬᠢᠶᠠᠨ ᠪᠠᠢᠢᠭᠤᠯᠵᠤ ᠂ ᠰᠤᠶᠤᠯ  ᠤᠨ ᠪᠦᠲᠦᠭᠡᠯᠴᠢ ᠦᠢᠯᠡᠳᠪᠦᠷᠢᠯᠡᠯ ᠊ᠢ ᠡ‍ᠷᠭᠢᠯᠲᠡ ᠳ᠋ᠦ ᠣᠷᠤᠭᠤᠯᠵᠤ ᠪᠠᠢᠢᠨ᠎ᠠ ᠃ ᠲᠤᠳᠤᠷᠠᠭᠤᠯᠪᠠᠯ ᠂ ᠲᠤᠰ ᠠᠢᠢᠮᠠᠭ ᠤᠨ ᠪᠠᠲᠤᠰᠢᠷᠡᠭᠡᠲᠦ ᠰᠤᠮᠤᠨ ᠳᠤ ︽ᠶᠤᠬᠤᠷ – 2019 ︾ ᠣᠯᠠᠨ ᠤᠯᠤᠰ ᠤᠨ ᠨᠠᠭᠠᠳᠤᠮ᠂ ᠪᠢᠨᠳᠠᠷ ᠰᠤᠮᠤᠨ ᠳᠤ ︽ ᠲᠤᠭᠤᠷᠤᠤ ᠵᠢᠨ ᠦᠵᠡᠭᠦᠯᠦᠯᠭᠡ ︾ ᠣᠯᠠᠨ ᠤᠯᠤᠰ ᠤᠨ ᠪᠠᠶᠠᠷ᠂ ᠪᠠᠶᠠᠨ ᠠᠳᠠᠷᠠᠭ᠎ᠠ ᠰᠤᠮᠤᠨ ᠳᠦ ︽ᠮᠤᠩᠭᠤᠯ ᠬᠠᠲᠤᠳ ᠤᠨ ᠨᠠᠭᠠᠳᠤᠮ︾᠂ ᠪᠠᠲᠤᠨᠤᠷᠪᠤ ᠰᠤᠮᠤᠨ ᠳᠦ ︽ᠲᠠᠯ᠎ᠠ ᠵᠢᠨ ᠲᠦᠮᠡᠨ ᠠᠳᠤᠭᠤ︾᠂ ᠭᠠᠯ ᠰᠢᠷ᠎ᠠ ᠰᠤᠮᠤᠨ ᠳᠦ ︽ ᠭᠠᠯ ᠰᠢᠷ᠎ᠠ ᠠᠳᠤᠭᠤᠨ ᠪ ᠪᠠᠶᠠᠷ︾᠂ ᠴᠢᠩᠭᠢᠰ ᠬᠤᠲᠠ ᠳᠦ ︽ᠴᠢᠩᠭᠢᠰ ᠦᠵᠡᠭᠦᠯᠦᠯᠭᠡ ︾ ᠵᠡᠷᠭᠡ ᠦᠢᠯᠡ ᠠᠵᠢᠯᠯᠠᠭ᠎ᠠ ᠨᠤᠭᠤᠳ ᠪᠣᠯᠳᠠᠭ ᠃

ᠥᠩᠭᠡᠷᠡᠭᠰᠡᠨ ᠣᠨ ᠳᠦ ᠳᠡᠭᠡᠷᠡᠬᠢ ᠦᠢᠯᠡ ᠠᠵᠢᠯᠯᠠᠭ᠎ᠠ ᠨᠤᠭᠤᠳ ᠲᠤ ᠨᠡᠢᠢᠲᠡ 6000 ᠭᠠᠷᠤᠢ ᠬᠥᠮᠦᠨ ᠬᠠᠮᠤᠷᠤᠭᠳᠠᠵᠠᠢ ᠃ ᠲᠡᠭᠦᠨᠴᠢᠯᠡᠨ ᠠᠮᠧᠷᠢᠺᠠ ᠂ ᠠᠦ᠋ᠰᠲᠷᠠᠯᠢᠶ᠎ᠠ ᠂ ᠰᠤᠯᠤᠩᠭᠤᠰ ᠂ ᠣᠷᠤᠰ ᠂ ᠥᠪᠥᠷ ᠮᠤᠩᠭᠤᠯ ᠡᠴᠠ ᠵᠢᠭᠤᠯᠴᠢᠳ ᠢᠷᠠᠵᠤ ᠣᠷᠤᠯᠴᠠᠨ ᠮᠤᠩᠭᠤᠯ ᠣᠷᠤᠨ ᠪ ᠰᠤᠶᠤᠯ ᠂ ᠤᠯᠠᠮᠵᠢᠯᠠᠯᠲᠤ ᠶᠤᠰᠣ ᠵᠠᠩᠰᠢᠯ ᠲᠠᠢ ᠲᠠᠨᠢᠯᠴᠠᠭᠰᠠᠨ ᠪᠠᠢᠢᠨ᠎ᠠ ᠃

ᠰᠡᠳᠬᠢᠭᠳᠡᠯ ᠦᠯᠡᠳᠡᠭᠡᠬᠦ