ᠯ᠊·ᠮᠸᠰᠰᠢ  ᠺᠠᠲ᠋ᠠᠯᠤᠨ ᠤ ᠡᠮᠨᠡᠯᠭᠡ ᠳ᠋ᠥ ᠰᠠᠶ᠎ᠠ ᠡᠸᠦ᠋ᠷᠥ‍ ᠬᠠᠨᠳᠢᠪᠯᠠᠯ᠎ᠠ | News.MN

ᠯ᠊·ᠮᠸᠰᠰᠢ  ᠺᠠᠲ᠋ᠠᠯᠤᠨ ᠤ ᠡᠮᠨᠡᠯᠭᠡ ᠳ᠋ᠥ ᠰᠠᠶ᠎ᠠ ᠡᠸᠦ᠋ᠷᠥ‍ ᠬᠠᠨᠳᠢᠪᠯᠠᠯ᠎ᠠ

ᠺᠠᠲ᠋ᠠᠯᠤᠨ ᠤ  ᠪᠠᠷᠰᠸᠯᠤᠨᠠ ᠪᠠᠭ ᠤᠨ ᠳᠣᠪᠲᠤᠯᠤᠭᠴᠢ ᠯ᠊·ᠮᠸᠰᠰᠢ  ᠺᠣᠷᠣᠨᠠ ᠸᠢᠷᠦ᠋ᠰ ᠦᠨ ᠬᠠᠯᠳᠠᠪᠤᠷᠢ ᠲᠠᠢ ᠲᠡᠮᠡᠴᠡᠬᠦ ᠳ᠋ᠥ ᠵᠣᠷᠢᠭᠤᠯᠵᠤ ᠮᠤᠵᠢ ᠳ᠋ᠤ ᠪᠠᠨ ᠰᠠᠶ᠎ᠠ ᠡᠸᠦ᠋ᠷᠥ‍ ᠬᠠᠨᠳᠢᠪᠯᠠᠵᠠᠢ᠃ ᠸᠢᠷᠦ᠋ᠰ ᠦᠨ ᠬᠠᠯᠳᠠᠪᠤᠷᠢ ᠲᠠᠢ ᠢᠷᠭᠡᠳ ᠢ ᠡᠮᠴᠢᠯᠡᠵᠦ ᠪᠠᠶᠢᠭ᠎ᠠ  Hospital Clinic ᠤᠭ ᠲᠤᠰᠠᠯᠠᠮᠵᠢ ᠶ᠋ᠢ ᠬᠦᠷᠲᠡᠭᠰᠡᠨ ᠪᠠᠶᠢᠨ᠎ᠠ ᠃ ︽ ᠪᠢᠳᠠᠨ ᠢ ᠳᠡᠮᠵᠢᠭᠰᠡᠨ ᠳ᠋ᠦ ᠪᠠᠶᠠᠷᠯᠠᠯ᠎ᠠ︾ ᠬᠡᠮᠡᠨ ᠡᠮᠨᠡᠯᠭᠡ ᠡᠴᠡ ᠭᠠᠷᠭᠠᠭᠰᠠᠨ ᠠᠯᠪᠠᠨ ᠶᠣᠰᠣᠨ ᠤ ᠮᠡᠳᠡᠭᠳᠡᠯ ᠳ᠋ᠦ ᠥᠭᠦᠯᠡᠭᠰᠡᠨ ᠪᠠᠶᠢᠨ᠎ᠠ᠃

ᠣᠯᠠᠨ ᠤᠯᠤᠰ ᠤᠨ ᠬᠥᠯ ᠪᠥᠮᠪᠥᠭᠡ ᠶ᠋ᠢᠨ ᠬᠣᠯᠪᠣᠭ᠎ᠠ ᠸᠢᠷᠦ᠋ᠰ ᠦᠨ ᠬᠠᠯᠳᠠᠪᠤᠷᠢ ᠶ᠋ᠢᠨ ᠲᠠᠷᠬᠠᠯᠲᠠ ᠶ᠋ᠢ ᠵᠣᠭᠰᠣᠭᠠᠬᠤ ᠶ᠋ᠢᠨ ᠲᠤᠯᠠᠳᠠ ᠳᠡᠯᠡᠬᠡᠢ ᠶ᠋ᠢᠨ ᠡᠷᠡᠭᠦᠯ ᠮᠡᠨᠳᠦ ᠶ᠋ᠢᠨ ᠪᠠᠶᠢᠭᠤᠯᠭ᠎ᠠ ᠲᠠᠢ ᠬᠠᠮᠲᠤᠷᠠᠵᠤ ᠠᠵᠢᠯᠯᠠᠬᠤ ᠪᠡᠷ ᠪᠣᠯᠣᠭᠰᠠᠨ ᠪᠢᠯᠡ ᠃ ᠯ᠊·ᠮᠸᠰᠰᠢ ᠺᠠᠲ᠋ᠠᠯᠤᠨ ᠮᠤᠵᠢ ᠡᠴᠠ ᠭᠠᠳᠠᠨ᠎ᠠ ᠠᠷᠭᠧᠨ᠋ᠲ᠋ᠢᠨ ᠤ ᠡᠮᠨᠡᠯᠭᠡ ᠨᠦᠭᠦᠳ ᠲᠦ ᠬᠠᠨᠳᠢᠪ ᠥᠭᠭᠦᠭᠰᠡᠨ ᠪᠠᠶᠢᠨ᠎ᠠ ᠃

ᠰᠡᠳᠬᠢᠭᠳᠡᠯ ᠦᠯᠡᠳᠡᠭᠡᠬᠦ