ᠫ᠊·ᠱᠮᠸᠢᠢᠾᠸᠯᠢ᠄ ᠬᠦᠢᠲᠡᠨ ᠡ‍ᠴᠡ ᠪᠤᠰᠤᠳ ᠪᠦᠬᠦ ᠵᠦᠢᠯ ᠨᠢ ᠰᠠᠢᠢᠬᠠᠨ ᠰᠠᠨᠠᠭᠳᠠᠯ᠎ᠠ | News.MN

ᠫ᠊·ᠱᠮᠸᠢᠢᠾᠸᠯᠢ᠄ ᠬᠦᠢᠲᠡᠨ ᠡ‍ᠴᠡ ᠪᠤᠰᠤᠳ ᠪᠦᠬᠦ ᠵᠦᠢᠯ ᠨᠢ ᠰᠠᠢᠢᠬᠠᠨ ᠰᠠᠨᠠᠭᠳᠠᠯ᠎ᠠ

ᠳᠡᠯᠡᠬᠡᠢ ᠵᠢᠨ ᠰᠢᠯᠢᠳᠡᠭ ᠬᠠᠭᠠᠯᠭᠠᠴᠢ ᠵᠢᠨ ᠱᠠᠩᠨᠠᠯ ᠊ᠢ ᠬᠤᠶᠠᠷ ᠤᠳᠠᠭ᠎ᠠ ᠬᠦᠷᠲᠡᠭᠰᠡᠨ ᠂ ᠳ᠋ᠠᠨᠮᠠᠷᠺ ᠤᠨ ᠬᠥᠯ ᠪᠥᠮᠪᠥᠭᠡ ᠵᠢᠨ ᠰᠢᠭᠰᠢᠭᠡ ᠪᠠᠭ ᠤᠨ ᠠᠯᠳᠠᠷᠲᠤ ᠬᠠᠭᠠᠯᠭᠠᠴᠢ᠂ ᠮᠠᠨᠴᠸᠰᠲᠸᠷ  ᠶᠤᠨᠠᠶᠢᠲᠸᠳ᠋ ᠪᠠᠭ  ᠤᠨ ᠰᠢᠯᠢᠳᠡᠭ ᠲᠤᠭᠯᠠᠭᠴᠢ ᠫᠸᠲ᠋ᠸᠷ ᠱᠮᠸᠢᠢᠾᠸᠯᠢ ᠮᠤᠩᠭᠤᠯ ᠤᠯᠤᠰ ᠲᠤ ᠵᠤᠴᠢᠯᠠᠭᠰᠠᠨ ᠪᠢᠯᠡ᠃ ᠲᠡᠷᠡ ᠪᠡᠷ ᠮᠤᠩᠭᠤᠯ ᠤᠨ ᠬᠥᠯ ᠪᠥᠮᠪᠥᠭᠡ ᠵᠢᠨ ᠬᠤᠯᠪᠣᠭᠠᠨ ᠳᠡᠭᠡᠷ᠎ᠡ ᠪᠣᠯᠤᠭᠰᠠᠨ ᠬᠡᠪᠯᠡᠯ ᠤᠨ ᠪᠠᠭ᠎ᠠ ᠬᠤᠷᠠᠯ  ᠤᠨ ᠦᠶ᠎ᠡ ᠪᠡᠷ ᠰᠡᠳᠬᠦᠯᠴᠢᠳ ᠲᠦ ᠮᠡᠳᠡᠭᠡᠯᠡᠯ ᠥᠭᠭᠦᠯ᠎ᠡ ᠃

ᠲᠡᠷᠡ ᠪᠡᠷ᠄ ᠡ‍ᠮᠦᠨ᠎ᠡ ᠨᠢ ᠡ‍ᠨᠡ ᠤᠯᠤᠰ ᠲᠤ ᠢᠷᠠᠵᠤ ᠪᠠᠢᠢᠭ᠎ᠠ ᠦᠭᠡᠢ ᠪᠣᠯᠬᠤᠷ ᠰᠡᠳᠬᠢᠭᠳᠡᠯ ᠮᠠᠰᠢ ᠥᠨᠳᠦᠷ ᠪᠠᠢᠢᠨ᠎ᠠ᠃ ᠮᠤᠩᠭᠤᠯᠴᠤᠳ ᠠᠯᠲᠠ ᠰᠢᠭ᠋ ᠰᠠᠢᠢᠬᠠᠨ᠂ ᠨᠠᠢᠢᠷᠰᠠᠭ᠂ ᠬᠦᠨᠳᠦᠯᠡᠭᠦᠰᠢᠲᠡᠢ ᠬᠥᠮᠦᠰ ᠪᠠᠢᠢᠳᠠᠭ ᠶᠤᠮ ᠪᠠᠢᠢᠨ᠎ᠠ᠃ ᠬᠠᠷᠠᠮᠰᠠᠯᠲᠠᠢ ᠨᠢ ᠪᠢ ᠮᠤᠩᠭᠤᠯ ᠤᠯᠤᠰ ᠲᠦ ᠭᠠᠭᠴᠠᠬᠠᠨ ᠬᠤᠨᠤᠭ ᠤᠨ ᠬᠤᠭᠤᠴᠠᠭ᠎ᠠ ᠲᠠᠢ ᠵᠤᠴᠢᠯᠠᠬᠤ ᠬᠤᠪᠢᠶᠠᠷᠢ ᠲᠠᠢ ᠶᠠᠪᠤᠵᠤ ᠪᠠᠢᠢᠭ᠎ᠠ᠃ ᠨᠢᠭᠡ ᠡ‍ᠳᠦᠷ ᠲᠦ ᠪᠦᠬᠦ ᠵᠦᠢᠯ ᠊ᠢ ᠠᠮᠵᠢᠭᠤᠯᠬᠤ ᠪᠠᠷ ᠬᠢᠴᠢᠶᠡᠵᠦ ᠪᠠᠢᠢᠨ᠎ᠠ᠃ ᠮᠤᠩᠭᠤᠯ ᠤᠯᠤᠰ ᠳ᠋ᠠᠨᠮᠠᠷᠺ ᠤᠯᠤᠰ ᠡᠴᠠ 25 ᠬᠡᠮ ᠤᠨ ᠵᠥᠷᠢᠶ᠎ᠡ ᠲᠠᠢ ᠬᠦᠢᠲᠡᠨ ᠪᠠᠢᠢᠳᠠᠭ ᠶᠤᠮ ᠪᠠᠢᠢᠨ᠎ᠠ᠃ ᠬᠦᠢᠲᠡᠨ ᠡ‍ᠴᠡ ᠪᠤᠰᠤᠳ ᠪᠦᠬᠦ ᠵᠦᠢᠯ ᠨᠢ ᠰᠠᠢᠢᠬᠠᠨ ᠰᠠᠨᠠᠭᠳᠠᠯ᠎ᠠ  ᠬᠡᠮᠡᠨ ᠶᠠᠷᠢᠵᠠᠢ᠃

ᠰᠡᠳᠬᠢᠭᠳᠡᠯ ᠦᠯᠡᠳᠡᠭᠡᠬᠦ