ᠢᠮᠠᠭ᠎ᠠ ᠰᠢᠲᠦᠳᠡᠭ ᠬᠥᠯ ᠪᠥᠮᠪᠥᠭᠡ ᠵᠢᠨ ᠪᠠᠭ | News.MN

ᠢᠮᠠᠭ᠎ᠠ ᠰᠢᠲᠦᠳᠡᠭ ᠬᠥᠯ ᠪᠥᠮᠪᠥᠭᠡ ᠵᠢᠨ ᠪᠠᠭ

ᠭᠧᠷᠮᠠᠨ ᠪ ᠺᠸᠯᠢᠨ ᠪᠠᠭ ᠤᠨ ᠲᠠᠯᠠᠪᠠᠢ ᠳ᠋ᠤ ᠪᠠᠨ ᠬᠢᠬᠦ ᠲᠤᠭᠯᠠᠯᠲᠠ ᠪᠦᠷᠢ ᠵᠢᠨ ᠡ‍ᠮᠦᠨ᠎ᠡ ᠢᠮᠠᠭ᠎ᠠ ᠴᠡᠩᠭᠡᠯᠳᠦᠬᠦ ᠳ᠋ᠦ ᠨᠢ ᠣᠷᠤᠵᠤ ᠢᠷᠡᠳᠡᠭ ᠃ ᠳ᠋ᠤᠷᠲᠮᠤᠨᠳ᠋  ᠤᠨ ᠪᠠᠭ ᠤᠨ ᠡ‍ᠰᠡᠷᠭᠦ ᠲᠤᠭᠯᠠᠯᠲᠠ ᠳ᠋ᠤ ᠾᠸᠨᠨᠧᠰ – 9 ᠬᠡᠮᠡᠬᠦ ᠢᠮᠠᠭ᠎ᠠ ᠠᠩᠬ᠎ᠠ ᠤᠳᠠᠭ᠎ᠠ ᠡ‍ᠯ᠎ᠡ ᠬᠦᠨᠳᠦᠲᠡᠢ ᠡ‍ᠭᠦᠷᠭᠡ ᠵᠢ ᠭᠦᠢᠴᠡᠳᠬᠡᠵᠡᠢ ᠃ ᠬᠠᠷᠢᠨ 2008 ᠣᠨ ᠡᠴᠠ ᠬᠤᠢᠢᠰᠢ ᠺᠸᠯᠢᠨ ᠪ ᠪᠡᠯᠭᠡᠳᠡᠯ ᠪᠣᠯᠵᠤ ᠢᠷᠡᠭᠰᠡᠨ ᠾᠸᠨᠨᠧᠰ – 8 ᠡ‍ᠷᠡᠭᠦᠯ ᠮᠡᠨᠳᠦ ᠵᠢᠨ ᠰᠢᠯᠲᠠᠭᠠᠨ ᠪ ᠤᠯᠠᠮ ᠡᠴᠠ ᠲᠡᠳᠬᠦᠪᠦᠷᠢ ᠳ᠋ᠦ ᠪᠡᠨ ᠭᠠᠷᠤᠭᠰᠠᠨ  ᠶᠤᠮ ᠃ ᠾᠸᠨᠨᠧᠰ – 9 ᠥᠩᠭᠡᠷᠡᠭᠰᠡᠨ ᠵᠢᠯ ᠲᠥᠷᠦᠭᠰᠡᠨ ᠪᠥᠭᠡᠳ  ᠺᠸᠯᠢᠨ ᠬᠤᠲᠠ ᠵᠢᠨ ᠠᠮᠢᠲᠠᠨ ᠪ ᠬᠦᠷᠢᠶᠡᠯᠡᠩ ᠳ᠋ᠦ ᠳᠠᠩᠰᠠ ᠲᠠᠢ ᠶᠤᠮ᠃ ᠲᠡᠷᠡ ᠪᠣᠯ ᠭᠧᠷᠮᠠᠨ ᠳᠤ ᠨᠡᠩ ᠬᠤᠪᠣᠷ ᠂ ᠤᠰᠠᠳᠬᠤ ᠠᠶᠤᠯ ᠳᠤ ᠥᠷᠲᠦᠭᠡᠳ ᠪᠤᠢ  Bunte Deutsche Edelziege ᠡ‍ᠭᠦᠯᠳᠡᠷ  ᠤᠨ ᠬᠢ ᠶᠤᠮ ᠃ ᠡ‍ᠯ᠎ᠡ ᠡ‍ᠭᠦᠯᠳᠡᠷ ᠨᠢ ᠦᠯᠡᠮᠵᠢ ᠲᠤᠮᠣ ᠪᠡᠶ᠎ᠡ ᠲᠠᠢ ᠭᠡᠳᠡᠭ ᠵᠢᠨᠷ ᠵᠢᠨᠨ ᠣᠨᠴᠠᠭᠠᠢ ᠃ ᠢᠩᠭᠢᠬᠦ ᠳ᠋ᠦ ᠶᠠᠮᠠᠷ ᠰᠢᠯᠲᠠᠭᠠᠨ ᠵᠢᠨᠷ ᠢᠮᠠᠭ᠎ᠠ ᠬᠥᠯ ᠪᠥᠮᠪᠥᠭᠡ ᠵᠢᠨ ᠪᠠᠭ ᠤᠨ ᠪᠡᠯᠭᠡᠳᠡᠯ ᠪᠣᠯᠪᠠ︖ ᠡ‍ᠨᠡ ᠲᠡᠦᠬᠡ ᠺᠸᠯᠢᠨ ᠪᠠᠭ ᠪᠠᠢᠢᠭᠤᠯᠤᠭᠳᠠᠭᠰᠠᠨ ᠪ ᠬᠤᠶᠠᠷ ᠵᠢᠯ  ᠤᠨ ᠣᠢ ᠵᠢᠨ ᠪᠠᠶᠠᠷ ᠪᠤᠶᠤ 1950 ᠣᠨ ᠡᠴᠠ ᠡ‍ᠬᠢᠯᠡᠯ ᠲᠠᠢ ᠃

ᠲᠤᠰ ᠬᠤᠲᠠ ᠵᠢᠨ ᠼᠢᠷᠺ  ᠤᠨ ᠵᠠᠬᠢᠷᠤᠯ ᠺᠠᠷᠤᠯ ᠤᠯᠢᠶᠠᠮᠰ ᠂ ᠺᠸᠯᠢᠨ ᠪ ᠶᠡᠷᠦᠩᠬᠡᠢ ᠳᠠᠰᠬᠠᠯᠵᠢᠭᠤᠯᠤᠭᠴᠢ ᠳᠤ ᠪᠠᠶᠠᠷ ᠨᠠᠭᠠᠳᠤᠮ  ᠤᠨ ᠦᠶ᠎ᠡ ᠪᠡᠷ ᠶᠠᠭᠠᠬᠢᠭᠠᠳ ᠴᠦ ᠶᠤᠮ ᠢᠮᠠᠭ᠎ᠠ ᠪᠡᠯᠡᠭᠯᠡᠵᠡᠢ᠃ ᠺᠠᠷᠤᠯ ᠰᠦᠰᠦᠭ ᠪᠢᠰᠢᠷᠡᠯ ᠲᠠᠢ ᠬᠥᠮᠦᠨ ᠪᠠᠢᠢᠭᠰᠠᠨ ᠦᠦ ᠂ ᠡ‍ᠰᠡᠪᠡᠯ ᠬᠤᠲᠠ ᠵᠢᠨ ᠬᠢᠨ ᠢᠮᠠᠭᠠᠨ ᠳᠤ ᠬᠠᠢᠢᠷᠠᠲᠠᠢ ᠪᠠᠢᠢᠭᠰᠠᠨ ᠦᠦ᠂ ᠠᠯᠢᠨ ᠪᠣᠯᠪᠠᠴᠤ ᠲᠡᠷᠡ ᠴᠠᠭ ᠡᠴᠠ ᠬᠤᠢᠢᠰᠢ ᠢᠮᠠᠭ᠎ᠠ ᠺᠸᠯᠢᠨ ᠪᠠᠭ ᠤᠨ ᠪᠡᠯᠭᠡᠳᠡᠯ ᠪᠣᠯᠵᠤ ᠬᠤᠪᠢᠷᠠᠪᠠ ᠃ ᠺᠸᠯᠢᠨ ᠪᠠᠭ ᠤᠨ ᠲᠡᠦᠬᠡᠨ ᠳ᠋ᠡᠬᠢ ᠬᠠᠮᠤᠭ  ᠤᠨ ︽ᠠᠮᠵᠢᠯᠲᠠᠲᠠᠢ︾ ᠢᠮᠠᠭ᠎ᠠ ᠪᠣᠯ ᠾᠸᠨᠨᠧᠰ – 4 ᠶᠤᠮ᠃ ᠲᠡᠭᠦᠨ ᠊ᠢ ᠠᠮᠢᠳᠤ ᠠᠬᠤᠢ ᠳᠤ ᠪᠠᠭ ᠨᠢ 1977 – 1978 ᠣᠨ ᠪ ᠤᠯᠠᠷᠢᠯ  ᠳᠤ ᠪᠤᠨᠳ᠋ᠸᠰ ᠯᠢᠭ ᠪᠣᠯᠤᠨ ᠭᠧᠷᠮᠠᠨ ᠪ ᠴᠤᠮᠣ ᠳ᠋ᠤ ᠲᠦᠷᠦᠭᠦᠯᠡᠵᠦ ᠪᠠᠢᠢᠪᠠ ᠃ ᠠᠪᠤᠷᠭᠤ ᠴᠤᠯᠠ ᠪᠠᠨ ᠲᠡᠮᠳᠡᠭᠯᠡᠬᠦ ᠪᠠᠶᠠᠷ  ᠤᠨ ᠵᠢᠭᠰᠠᠭᠠᠯ ᠤᠨ ᠦᠶ᠎ᠡ ᠪᠡᠷ ᠾᠸᠨᠨᠧᠰ – 4  ᠬᠦᠯ ᠪᠦᠮᠪᠤᠭᠡᠴᠢᠳ ᠲᠠᠢ ᠬᠠᠮᠲᠤ ᠳᠡᠭᠡᠭᠦᠷ ᠵᠢᠨᠨ ᠨᠡᠭᠡᠭᠡᠯᠲᠡ ᠲᠠᠢ ᠠᠦ᠋ᠲ᠋ᠤᠪᠤᠰ ᠲᠤ ᠰᠠᠭᠤᠵᠤ ᠂ ᠪᠠᠶᠠᠷ ᠬᠥᠷ ᠤᠨ ᠭᠤᠤᠯ ᠳᠦᠷᠢ ᠵᠢᠨ ᠨᠢᠭᠡ ᠪᠣᠯᠵᠤ ᠪᠠᠢᠢᠯ᠎ᠠ ᠃

 

ᠰᠡᠳᠬᠢᠭᠳᠡᠯ ᠦᠯᠡᠳᠡᠭᠡᠬᠦ