ᠬᠠᠪᠤᠷ ᠤᠨ ᠴᠢᠭᠤᠯᠭᠠᠨ  ᠢ ᠴᠠᠬᠢᠮ ᠵᠢᠨᠷ ᠬᠤᠷᠠᠯᠳᠤᠭᠤᠯᠤᠨ᠎ᠠ | News.MN

ᠬᠠᠪᠤᠷ ᠤᠨ ᠴᠢᠭᠤᠯᠭᠠᠨ  ᠢ ᠴᠠᠬᠢᠮ ᠵᠢᠨᠷ ᠬᠤᠷᠠᠯᠳᠤᠭᠤᠯᠤᠨ᠎ᠠ

ᠮᠤᠩᠭᠤᠯ ᠤᠯᠤᠰ ᠤᠨ ᠶᠡᠬᠡ ᠬᠤᠷᠠᠯ ᠤᠨ ᠬᠠᠪᠤᠷ ᠤᠨ ᠡ‍ᠭᠡᠯᠵᠢᠲᠦ ᠴᠢᠭᠤᠯᠭᠠᠨ ᠬᠠᠤᠯᠢ ᠵᠢᠨ ᠳᠠᠭᠠᠤ ᠳᠥᠷᠪᠡᠳᠦᠭᠡᠷ ᠰᠠᠷ᠎ᠠ ᠵᠢᠨ 6᠎ ᠳ᠋ᠦ ᠡ‍ᠬᠢᠯᠡᠨ᠎ᠡ ᠃ ᠺᠣᠷᠤᠨᠠ ᠸᠢᠷᠦ᠋ᠰ ᠦᠨ ᠴᠠᠷ᠎ᠠ ᠲᠠᠬᠤᠯ ᠳᠡᠯᠡᠬᠡᠢ ᠳ᠋ᠠᠬᠢᠨ ᠊ᠢ ᠲᠥᠭᠰᠢᠶᠡᠵᠦ᠂ ᠮᠤᠩᠭᠤᠯ ᠤᠯᠤᠰ ᠲᠤ ᠥᠨᠳᠦᠷᠵᠢᠭᠦᠯᠦᠭᠰᠡᠨ ᠪᠡᠯᠡᠨ ᠪᠠᠢᠢᠳᠠᠯ ᠲᠤᠭᠲᠠᠭᠠᠭᠰᠠᠨ ᠲᠠᠢ ᠬᠤᠯᠪᠣᠭᠠᠲᠠᠢ ᠪᠡᠷ ᠬᠠᠪᠤᠷ ᠤᠨ ᠴᠢᠭᠤᠯᠭᠠᠨ ᠊ᠢ ᠴᠠᠬᠢᠮ ᠬᠡᠯᠪᠡᠷᠢ ᠪᠡᠷ ᠶᠠᠪᠤᠭᠤᠯᠬᠤ ᠪᠡᠷ ᠤᠯᠤᠰ ᠤᠨ ᠶᠡᠬᠡ ᠬᠤᠷᠠᠯ ᠤᠨ ᠳᠠᠷᠤᠭ᠎ᠠ ᠭ᠊·ᠽᠠᠨᠳᠠᠨᠰᠢᠲᠠᠷ᠎ᠠ ᠰᠢᠢᠳᠪᠦᠷᠢ ᠭᠠᠷᠭᠠᠭᠠᠳ ᠪᠠᠢᠢᠨ᠎ᠠ᠃ ᠴᠠᠬᠢᠮ ᠵᠢᠨᠷ ᠬᠤᠷᠠᠯᠳᠤᠬᠤ ᠪᠡᠯᠡᠳᠬᠡᠯ ᠊ᠢ ᠬᠠᠩᠭᠠᠬᠤ ᠠᠵᠢᠯ ᠤᠯᠤᠰ ᠤᠨ ᠶᠡᠬᠡ ᠬᠤᠷᠠᠯ ᠤᠨ ᠲᠠᠮᠠᠭ᠎ᠠ ᠵᠢᠨ ᠭᠠᠵᠠᠷ ᠲᠤ ᠥᠷᠨᠢᠵᠦ ᠡ‍ᠬᠢᠯᠡᠵᠡᠢ ᠃

ᠣᠳᠣ ᠪᠡᠷ ᠴᠢᠭᠤᠯᠭᠠᠨ ᠪ ᠨᠡᠭᠡᠭᠡᠯᠲᠡ ᠵᠢ 4 – 5 ᠲᠠᠩᠬᠢᠮ ᠳᠤ ᠵᠡᠷᠭᠡ ᠶᠠᠪᠤᠭᠤᠯᠬᠤ ᠂ ᠨᠢᠭᠡᠳᠦᠭᠰᠡᠨ ᠬᠤᠷᠠᠯᠳᠤᠭᠠᠨ ᠪᠣᠯᠤᠨ ᠪᠠᠢᠢᠩᠭᠤ ᠵᠢᠨ ᠬᠤᠷᠢᠶ᠎ᠠ᠂ ᠠᠵᠢᠯ  ᠤᠨ ᠬᠡᠰᠡᠭ ᠤᠨ ᠬᠤᠷᠠᠯᠳᠤᠭᠠᠨ ᠊ᠢ ᠲᠠᠩᠬᠢᠮ ᠳᠤ ᠵᠤᠬᠢᠶᠠᠨ ᠪᠠᠢᠢᠭᠤᠯᠬᠤ ᠡᠴᠠ ᠭᠠᠳᠠᠨ᠎ᠠ ᠭᠡᠰᠢᠭᠦᠳ ᠲᠦ ᠵᠠᠢ ᠡᠴᠠ ᠣᠷᠤᠯᠴᠠᠬᠤ ᠪᠣᠯᠤᠮᠵᠢ ᠪᠦᠷᠢᠳᠦᠭᠦᠯᠬᠦ ᠪᠡᠷ ᠠᠵᠢᠯᠯᠠᠵᠤ ᠪᠠᠢᠢᠭ᠎ᠠ᠃ ᠲᠠᠩᠬᠢᠮ ᠳᠤ ᠬᠤᠷᠠᠯᠳᠤᠭᠰᠠᠨ ᠲᠤᠬᠢᠶᠠᠯᠳᠤᠯ ᠳᠤ ᠭᠡᠰᠢᠭᠦᠳ ᠬᠤᠭᠤᠷᠤᠨᠳᠤ ᠵᠢᠨ ᠵᠠᠢ ᠵᠢ 2 – 3 ᠮᠧᠲ᠋ᠷ ᠲᠦ ᠪᠠᠢᠢᠯᠭᠠᠬᠤ ᠂ ᠨᠢᠭᠡ ᠳᠤᠤᠷ᠎ᠠ 20  ᠠᠴᠠ ᠢᠯᠡᠭᠦᠦ ᠭᠡᠰᠢᠭᠦᠨ ᠴᠤᠭᠯᠠᠷᠠᠭᠤᠯᠬᠤ ᠦᠭᠡᠢ ᠪᠠᠢᠢᠬᠤ ᠪᠡᠷ ᠵᠤᠬᠢᠶᠠᠨ ᠪᠠᠢᠢᠭᠤᠯᠬᠤ ᠶᠤᠮ ᠪᠠᠢᠢᠨ᠎ᠠ ᠃ ᠲᠡᠭᠦᠨᠴᠢᠯᠡᠨ ᠭᠡᠰᠢᠭᠦᠳ ᠤᠨ ᠢᠷᠡᠴᠡ ᠳ᠋ᠦ ᠪᠦᠷᠢᠳᠬᠡᠭᠦᠯᠬᠦ᠂ ᠰᠠᠨᠠᠯ ᠬᠤᠷᠢᠶᠠᠯᠲᠠ ᠳ᠋ᠤ ᠴᠠᠬᠢᠮ ᠵᠢᠨᠷ ᠣᠷᠤᠯᠴᠠᠬᠤ ᠨᠥᠬᠥᠴᠡᠯ ᠊ᠢ ᠬᠠᠩᠭᠠᠬᠤ ᠵᠢᠨ ᠲᠤᠯᠠᠳᠠ ᠤᠯᠤᠰ ᠤᠨ ᠶᠡᠬᠡ ᠬᠤᠷᠠᠯ ᠤᠨ ᠴᠢᠭᠤᠯᠭᠠᠨ ᠪ ᠬᠤᠷᠠᠯᠳᠤᠭᠠᠨ ᠪ ᠳᠢᠭ ᠤᠨ ᠲᠤᠬᠠᠢ ᠬᠠᠤᠯᠢ ᠳᠤ ᠬᠤᠯᠪᠣᠭᠳᠠᠬᠤ ᠥᠭᠡᠷᠡᠴᠢᠯᠡᠯᠲᠡ ᠣᠷᠤᠭᠤᠯᠬᠤ ᠠᠰᠠᠭᠤᠳᠠᠯ ᠴᠦ ᠶᠠᠷᠢᠭᠳᠠᠵᠤ ᠪᠠᠢᠢᠭ᠎ᠠ ᠠᠵᠠᠢ ᠃

 

ᠰᠡᠳᠬᠢᠭᠳᠡᠯ ᠦᠯᠡᠳᠡᠭᠡᠬᠦ