ᠵᠤᠷᠢᠯᠲᠠᠲᠤ ᠪᠦᠯᠦᠭ ᠤᠨ 1150 ᠬᠡᠦᠬᠡᠳ ᠲᠦ ᠬᠦᠨᠡᠰᠦ  ᠬᠦᠷᠭᠡᠵᠡᠢ | News.MN

ᠵᠤᠷᠢᠯᠲᠠᠲᠤ ᠪᠦᠯᠦᠭ ᠤᠨ 1150 ᠬᠡᠦᠬᠡᠳ ᠲᠦ ᠬᠦᠨᠡᠰᠦ  ᠬᠦᠷᠭᠡᠵᠡᠢ

COVID-19 ᠴᠠᠷ᠎ᠠ ᠲᠠᠬᠤᠯ ᠡᠴᠠ ᠡ‍ᠭᠦᠳᠦᠨ ᠬᠥᠯ ᠬᠤᠷᠢᠭᠠᠨ ᠳ᠋ᠤ ᠪᠠᠢᠢᠭ᠎ᠠ ᠪᠠᠭ᠎ᠠ ᠨᠠᠰᠤᠨ ᠪ ᠬᠡᠦᠬᠡᠳ ᠤᠨ ᠭᠡᠷ ᠪᠦᠯᠢ ᠵᠢᠨ ᠨᠥᠬᠥᠴᠡᠯ ᠪᠠᠢᠢᠳᠠᠯ ᠊ᠢ ᠦᠨᠡᠯᠡᠬᠦ ᠲᠦᠷᠭᠡᠪᠴᠢᠯᠡᠭᠰᠡᠨ ᠰᠤᠳᠤᠯᠭᠠᠨ ᠢ ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠣᠷᠲ ᠤᠨ ᠶᠠᠮᠤᠨ ᠂ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ ᠬᠡᠦᠬᠡᠳ ᠤᠨ ᠰᠠᠩ ᠬᠠᠮᠲᠤᠷᠠᠨ 2020 ᠣᠨ ᠪ ᠬᠤᠶᠠᠳᠤᠭᠠᠷ ᠰᠠᠷ᠎ᠠ ᠵᠢᠨ 17 – 21 ᠪ ᠡ‍ᠳᠦᠷ ᠲᠦ ᠵᠤᠬᠢᠶᠠᠨ ᠪᠠᠢᠢᠭᠤᠯᠵᠤ ᠂ 24 ᠴᠠᠭ ᠤᠨ ᠴᠡᠴᠡᠷᠯᠢᠭ ᠤᠨ 1700 ᠬᠡᠦᠬᠡᠳ ᠊ᠢ ᠬᠠᠮᠤᠷᠤᠭᠤᠯᠵᠠᠢ ᠃ ᠰᠤᠳᠤᠯᠭᠠᠨ ᠵᠢᠨᠷ 2 – 5 ᠨᠠᠰᠤᠨ ᠬᠡᠦᠬᠡᠳ ᠤᠨ 17.1 ᠬᠤᠪᠢ ᠨᠢ ᠬᠤᠭᠤᠯᠠ ᠲᠡᠵᠢᠭᠡᠯ  ᠤᠨ ᠂ 14.2 ᠬᠤᠪᠢ ᠨᠢ ᠬᠠᠮᠠᠭᠠᠯᠠᠯ ᠤᠨ ᠂ 25.8 ᠬᠤᠪᠢ ᠨᠢ ᠠᠶᠤᠯᠭᠦᠢ ᠪᠠᠢᠢᠳᠠᠯ ᠤᠨ ᠳᠤᠮᠳᠠ ᠪᠤᠶᠤ ᠥᠨᠳᠦᠷ ᠡ‍ᠷᠡᠰᠳᠡᠯ ᠲᠠᠢ ᠬᠡᠮᠡᠨ ᠦᠨᠡᠯᠡᠭᠳᠡᠵᠡᠢ ᠃

ᠨᠥᠬᠥᠴᠡᠯ ᠪᠠᠢᠢᠳᠠᠯ  ᠤᠨ ᠦᠨᠡᠯᠡᠭᠡᠨ ᠳ᠋ᠦ ᠦᠨᠳᠦᠰᠦᠯᠡᠨ ᠵᠤᠷᠢᠯᠲᠠᠲᠤ ᠪᠦᠯᠦᠭ  ᠤᠨ 1150 ᠬᠡᠦᠬᠡᠳ᠂ ᠲᠡᠳᠡᠨ ᠪ ᠭᠡᠷ ᠪᠦᠯᠢ ᠳ᠋ᠦ ᠵᠤᠷᠢᠭᠤᠯᠤᠨ ᠺᠣᠷᠤᠨᠠ ᠸᠢᠷᠦ᠋ᠰ ᠡ‍ᠴᠡ ᠬᠠᠮᠠᠭᠠᠯᠠᠬᠤ ︽ᠴᠡᠪᠡᠷ ᠭᠠᠷ︾ ᠠᠶᠠᠨ ᠊ᠢ ᠵᠤᠬᠢᠶᠠᠨ ᠪᠠᠢᠢᠭᠤᠯᠤᠭᠰᠠᠨ ᠶᠤᠮ ᠃ ᠠᠶᠠᠨ ᠪ ᠬᠦᠷᠢᠶᠡᠨ ᠳ᠋ᠦ ᠨᠡᠢᠢᠰᠯᠡᠯ  ᠤᠨ ᠲᠠᠪᠤᠨ ᠲᠡᠭᠦᠷᠭᠡ ᠵᠢᠨ 81 ᠴᠡᠴᠡᠷᠯᠢᠭ  ᠤᠨ 1150 ᠬᠡᠦᠬᠡᠳ  ᠤᠨ ᠭᠡᠷ ᠪᠦᠯᠢ ᠳ᠋ᠦ ᠄ ᠬᠤᠭᠤᠯᠠ ᠬᠦᠨᠡᠰᠦ ︵ᠰᠠᠢᠢᠵᠢᠷᠠᠭᠤᠯᠤᠭᠰᠠᠨ ᠭᠤᠯᠢᠷ᠂ ᠪᠤᠳᠠᠭ᠎ᠠ᠂ ᠡ‍ᠯᠡᠰᠦᠨ ᠰᠢᠬᠢᠷ᠂ ᠤᠷᠭᠤᠮᠠᠯ  ᠤᠨ ᠲᠤᠰᠣ᠂ ᠬᠡᠦᠬᠡᠳ ᠤᠨ ᠪᠤᠳᠠᠭ᠎ᠠ︶︔ ᠡ‍ᠷᠡᠭᠦᠯ ᠠᠬᠤᠢ ︵ᠰᠢᠳᠦᠨ ᠪ ᠣ᠂ ᠰᠢᠳᠦᠨ ᠪ ᠱᠤᠸᠠᠰᠠ᠂ ᠭᠠᠷ  ᠤᠨ ᠰᠠᠪᠤᠩ᠂ ᠤᠬᠢᠶᠠᠯᠭ᠎ᠠ ᠵᠢᠨ ᠰᠠᠪᠤᠩ ᠭᠡᠬᠦ ᠮᠡᠲᠦ︶︔ ᠪᠣᠯᠪᠠᠰᠤᠷᠠᠯ ᠤᠨ ᠪᠠᠭᠴᠠ ︵ᠡ‍ᠪᠯᠡᠭᠦᠯᠳᠡᠭ ᠲᠤᠭᠯᠠᠭᠠᠮ᠂ ᠪᠣᠳᠤᠳᠠᠭ ᠨᠤᠮ᠂ ᠥᠩᠭᠡ ᠵᠢᠨ ᠬᠠᠷᠠᠨᠳᠠ ᠂ ᠵᠢᠷᠤᠭ ᠤᠨ ᠳᠡᠪᠲᠡᠷ᠂ ᠬᠠᠷᠠᠨᠳᠠ︶ ᠵᠢ ᠲᠤᠰᠠᠯᠠᠮᠵᠢ ᠪᠣᠯᠭᠠᠨ ᠪᠡᠯᠡᠳᠬᠡᠵᠦ ᠂ ︽ᠫᠢᠩ︾ ᠲᠥᠷᠦ ᠵᠢᠨ ᠪᠤᠰᠤ ᠪᠠᠢᠢᠭᠤᠯᠭ᠎ᠠ᠂ ︽ᠳᠡᠯᠡᠬᠡᠢ ᠵᠢᠨ ᠵᠥᠩ︾ ᠣᠯᠠᠨ ᠤᠯᠤᠰ ᠤᠨ ᠪᠠᠢᠢᠭᠤᠯᠭ᠎ᠠ᠂ ᠨᠡᠢᠢᠰᠯᠡᠯ ᠤᠨ ᠴᠡᠴᠡᠷᠯᠢᠭ ᠤᠳ ᠤᠨ ᠵᠠᠷᠢᠮ ᠠᠯᠪᠠᠨ ᠬᠠᠭᠠᠭᠴᠢ᠂ ᠤᠯᠠᠭᠠᠨ ᠵᠠᠭᠠᠯᠮᠠᠢ ᠵᠢᠨ ᠰᠠᠢᠢᠨ ᠳᠤᠷ᠎ᠠ ᠵᠢᠨ ᠠᠵᠢᠯᠲᠠᠳ  ᠤᠨ ᠲᠤᠰᠠᠯᠠᠮᠵᠢᠲᠠᠢ ᠪᠡᠷ ᠬᠦᠷᠭᠡᠭᠦᠯᠦᠭᠰᠡᠨ ᠪᠠᠢᠢᠨ᠎ᠠ ᠃

 

ᠰᠡᠳᠬᠢᠭᠳᠡᠯ ᠦᠯᠡᠳᠡᠭᠡᠬᠦ