ᠤᠭ᠍ᠶᠤᠲᠤᠯᠤᠭᠠᠢ  ᠳᠤ4.5 ᠲᠡᠷᠪᠤᠮ ᠳ᠋ᠤᠯᠯᠠᠷ ᠱᠠᠭᠠᠷᠳᠠᠯᠭ᠎ᠠ ᠲᠠᠢ | News.MN

ᠤᠭ᠍ᠶᠤᠲᠤᠯᠤᠭᠠᠢ  ᠳᠤ4.5 ᠲᠡᠷᠪᠤᠮ ᠳ᠋ᠤᠯᠯᠠᠷ ᠱᠠᠭᠠᠷᠳᠠᠯᠭ᠎ᠠ ᠲᠠᠢ

Turquoise Hill Resources  ᠺᠣᠮᠫᠠᠨᠢ ᠤᠭ᠍ᠶᠤᠲᠤᠯᠤᠭᠠᠢ ᠵᠢᠨ ᠳᠠᠯᠳᠠ ᠠᠭᠤᠷᠬᠠᠢ ᠵᠢᠨ ᠪᠦᠲᠦᠭᠡᠨ ᠪᠠᠢᠢᠭᠤᠯᠤᠯᠲᠠ ᠵᠢ ᠪᠠᠷᠢᠵᠤ ᠳᠠᠭᠤᠰᠬᠠᠬᠤ ᠳ᠋ᠤ ᠲᠤᠭᠠᠴᠠᠯᠠᠵᠤ ᠪᠠᠢᠢᠭᠰᠠᠨ ᠡᠴᠠ ᠢᠯᠡᠭᠦᠦ ᠪᠤᠶᠤ ᠳᠠᠬᠢᠨ 4.5 ᠲᠡᠷᠪᠤᠮ ᠠᠮᠠ ᠳ᠋ᠤᠯᠯᠠᠷ ᠤᠨ ᠰᠠᠩᠬᠦᠦᠵᠢᠯᠲᠡ ᠱᠠᠭᠠᠷᠳᠠᠯᠭ᠎ᠠ ᠲᠠᠢ ᠭᠡᠵᠦ ᠮᠡᠳᠡᠭᠳᠡᠵᠡᠢ ᠃

ᠤᠭ ᠲᠥᠰᠦᠯ ᠤᠨ ᠪᠦᠲᠦᠭᠡᠨ ᠪᠠᠢᠢᠭᠤᠯᠤᠯᠲᠠ ᠠᠩᠬ᠎ᠠ ᠲᠤᠭᠠᠴᠠᠭᠠᠯᠠᠭᠰᠠᠨ ᠠᠴᠠ 16 – 30 ᠰᠠᠷ᠎ᠠ ᠪᠡᠷ ᠬᠤᠢᠢᠰᠢᠯᠠᠵᠤ ᠂ ᠲᠥᠰᠦᠯ ᠤᠨ ᠵᠠᠷᠤᠳᠠᠯ 1.2 – 1.9 ᠲᠡᠷᠪᠤᠮ ᠵᠢᠨᠷ ᠬᠡᠲᠦᠷᠡᠭᠡᠳ ᠪᠠᠢᠢᠨ᠎ᠠ ᠃ ᠭᠡᠬᠦ ᠳ᠋ᠦ ᠪᠡᠨ ᠡ‍ᠨᠡ ᠲᠤᠰ ᠺᠣᠮᠫᠠᠨᠢ ᠳᠤ ᠲᠤᠯᠭᠠᠷᠠᠵᠤ ᠪᠤᠢ ᠪᠡᠷᠬᠡᠰᠢᠶᠡᠯ ᠤᠨ ᠳᠥᠩᠭᠡᠵᠢ ᠡ‍ᠬᠢᠯᠡᠯ ᠭᠡᠵᠦ ᠬᠡᠯᠡᠵᠦ ᠪᠣᠯᠤᠨ᠎ᠠ᠃ ᠭᠡᠷ᠎ᠡ ᠵᠢᠨ ᠳᠠᠭᠠᠤ  Turquoise Hill  ᠺᠣᠮᠫᠠᠨᠢ 2022 ᠣᠨ ᠪ ᠠᠷᠪᠠᠨ ᠬᠤᠶᠠᠳᠤᠭᠠᠷ ᠰᠠᠷ᠎ᠠ ᠵᠢᠨ 31 ᠪ ᠡ‍ᠳᠦᠷ ᠡ‍ᠴᠡ ᠡ‍ᠮᠦᠨ᠎ᠡ 1.59 ᠲᠡᠷᠪᠤᠮ ᠳ᠋ᠤᠯᠯᠠᠷ  ᠤᠨ ᠲᠥᠯᠦᠯᠲᠡ ᠬᠢᠬᠦ ᠶᠤᠰᠤᠲᠠᠢ᠃ ᠮᠥᠨ ᠮᠤᠩᠭᠤᠯ  ᠤᠨ ᠵᠠᠰᠠᠭ  ᠤᠨ ᠭᠠᠵᠠᠷ ᠲᠤᠰ ᠺᠣᠮᠫᠠᠨᠢ ᠵᠢ ᠬᠢᠲᠠᠳ ᠡᠴᠠ ᠡ‍ᠷᠴᠢᠮ ᠬᠦᠴᠦ ᠢᠮᠫᠣᠷᠲ᠋ᠯᠠᠬᠤ ᠵᠢ ᠵᠤᠭᠰᠤᠭᠠᠭᠰᠠᠨ ᠪ ᠳᠠᠷᠠᠭ᠎ᠠ ᠳᠠᠯᠳᠠ ᠠᠭᠤᠷᠬᠠᠢ ᠵᠢᠨ ᠴᠠᠬᠢᠯᠭᠠᠨ ᠡ‍ᠷᠴᠢᠮ ᠬᠦᠴᠦᠨ ᠪ ᠰᠲ᠋ᠠᠨᠼ  ᠤᠨ ᠵᠠᠷᠤᠳᠠᠯ ᠳᠤ 924 ᠰᠠᠶ᠎ᠠ ᠳ᠋ᠤᠯᠯᠠᠷ ᠤᠨ ᠬᠥᠷᠦᠩᠭᠡ ᠣᠷᠤᠭᠤᠯᠬᠤ ᠱᠠᠭᠠᠷᠳᠠᠯᠭ᠎ᠠ ᠲᠠᠢ ᠪᠣᠯᠤᠭᠰᠠᠨ ᠃ ᠡ‍ᠭᠦᠨ ᠳᠡᠭᠡᠷ᠎ᠡ ᠳᠡᠯᠡᠬᠡᠢ ᠳᠠᠶᠠᠭᠠᠷ ᠺᠣᠷᠤᠨᠠ ᠸᠢᠷᠦ᠋ᠰ ᠤᠨ ᠬᠠᠯᠳᠠᠪᠤᠷᠢ ᠳᠡᠭᠳᠡᠵᠦ ᠂ ᠳᠡᠯᠡᠬᠡᠢ ᠵᠢᠨ ᠡ‍ᠳ᠋ ᠤᠨ ᠵᠠᠰᠠᠭ ᠲᠡᠷᠡ ᠠᠶ᠎ᠠ ᠪᠡᠷ ᠵᠢᠨᠨ ᠵᠤᠭᠰᠤᠩᠭᠢ ᠪᠠᠢᠢᠳᠠᠯ ᠳᠤ ᠣᠷᠤᠭᠰᠠᠨ ᠨᠢ ᠨᠥᠯᠦᠭᠡᠯᠡᠵᠦ ᠂ ᠵᠡᠰ ᠤᠨ ᠦᠨ᠎ᠡ 23 ᠬᠤᠪᠢ ᠪᠡᠷ ᠣᠭᠵᠤᠮ  ᠪᠠᠭᠤᠷᠠᠯ᠎ᠠ᠃ ᠤᠭ᠍ᠶᠤᠲᠤᠯᠤᠭᠠᠢ ᠺᠣᠮᠫᠠᠨᠢ 2020 ᠣᠨ ᠳᠤ ᠨᠡᠢᠢᠲᠡ 140 – 170 ᠮᠢᠩᠭᠠᠨ ᠵᠡᠰ ᠂ 120 – 150 ᠮᠢᠩᠭᠠᠨ ᠤᠨᠼ ᠠᠯᠲᠠ ᠪᠦᠬᠦᠢ ᠪᠠᠶᠠᠵᠢᠮᠠᠯ ᠪᠣᠯᠪᠠᠰᠤᠷᠠᠭᠤᠯᠬᠤ ᠪᠡᠷ ᠲᠥᠯᠦᠪᠯᠡᠵᠦ ᠪᠠᠢᠢᠨ᠎ᠠ ᠃ ᠲᠡᠭᠦᠨᠴᠢᠯᠡᠨ ᠨᠡᠢᠢᠲᠡ ᠬᠥᠷᠦᠩᠭᠡ ᠵᠢᠨ ᠵᠠᠷᠤᠳᠠᠯ ᠢᠯᠡ ᠠᠭᠤᠷᠬᠠᠢ ᠳ᠋ᠤ 80 – 120 ᠰᠠᠶ᠎ᠠ ᠳ᠋ᠤᠯᠯᠠᠷ ᠂ ᠭᠦᠨ ᠪ ᠠᠭᠤᠷᠬᠠᠢ ᠳ᠋ᠤ 1.2 – 1.3 ᠲᠡᠷᠪᠤᠮ ᠠᠮᠠ ᠳ᠋ᠤᠯᠯᠠᠷ ᠪᠠᠢᠢᠬᠤ ᠪᠡᠷ ᠲᠤᠭᠠᠴᠠᠭᠠᠯᠠᠵᠠᠢ᠃

ᠰᠡᠳᠬᠢᠭᠳᠡᠯ ᠦᠯᠡᠳᠡᠭᠡᠬᠦ