ᠡ‍ᠯᠴᠢᠨ ᠰᠠᠢᠢᠳ ᠤᠨ ᠶᠠᠮᠤᠨ ᠡᠴᠠ ᠮᠡᠳᠡᠭᠡᠯᠡᠵᠦ ᠪᠠᠢᠢᠨ᠎ᠠ | News.MN

ᠡ‍ᠯᠴᠢᠨ ᠰᠠᠢᠢᠳ ᠤᠨ ᠶᠠᠮᠤᠨ ᠡᠴᠠ ᠮᠡᠳᠡᠭᠡᠯᠡᠵᠦ ᠪᠠᠢᠢᠨ᠎ᠠ

ᠪᠦᠭᠦᠳᠡ ᠨᠠᠢᠢᠷᠠᠮᠳᠠᠬᠤ ᠰᠤᠯᠤᠩᠭᠤᠰ ᠤᠯᠤᠰ ᠤᠨ ᠶᠡᠷᠦᠩᠬᠡᠢ ᠰᠠᠢᠢᠳ ᠂ ᠭᠠᠮᠰᠢᠭ ᠤᠨ ᠠᠶᠤᠯ ᠡᠴᠠ ᠤᠷᠢᠳᠴᠢᠯᠠᠨ ᠰᠡᠷᠭᠡᠢᠢᠯᠡᠬᠦ ᠲᠥᠪ ᠱᠲ᠋ᠠᠪ ᠤᠨ ᠳᠠᠷᠤᠭ᠎ᠠ ᠴᠦᠨ ᠰᠸ ᠭᠢᠶᠦᠨ 2020 ᠣᠨ ᠪ 3 ᠳ᠋ᠤᠭᠠᠷ ᠰᠠᠷ᠎ᠠ ᠵᠢᠨ 22᠎ ᠡᠴᠠ 4  ᠳ᠋ᠤᠭᠡᠷ ᠰᠠᠷ᠎ᠠ ᠵᠢᠨ 5 ᠪ ᠬᠤᠭᠤᠷᠤᠨᠳᠤᠬᠢ 15 ᠬᠤᠨᠤᠭ ᠤᠨ ᠬᠤᠭᠤᠴᠠᠭ᠎ᠠ ᠰᠤᠯᠤᠩᠭᠤᠰ ᠤᠨ ᠬᠤᠪᠢ ᠳᠤ ᠺᠣᠷᠤᠨᠠ  ᠸᠢᠷᠦ᠋ᠰ ᠦᠨ ᠬᠠᠯᠳᠠᠪᠤᠷᠢ ᠲᠠᠢ ᠲᠡᠮᠡᠴᠡᠬᠦ ᠳ᠋ᠦ ᠴᠢᠬᠤᠯᠠ ᠦᠶ᠎ᠡ ᠪᠣᠯᠬᠤ ᠵᠢ ᠠᠷᠠᠳ ᠢᠷᠭᠡᠳ ᠲᠤ ᠪᠠᠨ ᠠᠩᠬᠠᠷᠤᠭᠤᠯᠵᠤ ᠳᠠᠷᠠᠭᠠᠬᠢ ᠠᠷᠭ᠎ᠠ ᠬᠡᠮᠵᠢᠶ᠎ᠡ ᠠᠪᠬᠤ ᠲᠤᠬᠠᠢ ᠮᠡᠳᠡᠭᠳᠡᠪᠡ ᠃ ᠮᠠᠨ ᠪ ᠢᠷᠭᠡᠳ ᠠᠩᠬᠠᠷᠤᠨ᠎ᠠ ᠦᠦ ᠃

  1. ᠬᠠᠯᠳᠠᠪᠤᠷᠢ ᠠᠪᠬᠤ ᠡᠷᠡᠰᠳᠡᠯ ᠥᠨᠳᠦᠷ ᠱᠠᠰᠢᠨ ᠪ ᠪᠠᠢᠢᠭᠤᠯᠭ᠎ᠠ᠂ ᠰᠫᠣᠷᠲ ᠲᠠᠩᠬᠢᠮ᠂ ᠪᠠᠭᠠᠷ ᠴᠡᠩᠭᠡᠭᠡᠨ ᠪ ᠭᠠᠵᠠᠷ ᠤᠳ ᠦᠢᠯᠡ ᠠᠵᠢᠯᠯᠠᠭ᠎ᠠ ᠪᠠᠨ 15 ᠬᠤᠨᠤᠭ ᠤᠨ ᠬᠤᠭᠤᠴᠠᠭᠠᠨ ᠳᠤ ᠲᠦᠷ ᠵᠤᠭᠰᠤᠭᠠᠬᠤ ᠵᠢ ᠣᠨᠴᠠᠭᠠᠢᠢᠯᠠᠨ ᠵᠥᠪᠯᠡᠵᠦ ᠪᠠᠢᠢᠨ᠎ᠠ᠃ ᠵᠠᠢᠢᠯᠠᠰᠢ ᠦᠭᠡᠢ ᠦᠢᠯᠡ ᠠᠵᠢᠯᠯᠠᠭ᠎ᠠ ᠶᠠᠪᠤᠭᠤᠯᠬᠤ ᠲᠤᠬᠢᠶᠠᠯᠳᠤᠯ ᠳᠤ ᠬᠤᠯᠪᠣᠭᠳᠠᠬᠤ ᠳᠦᠷᠢᠮ ᠵᠢᠷᠤᠮ ᠊ᠢ ᠶᠤᠰᠤᠴᠢᠯᠠᠨ ᠮᠥᠷᠳᠡᠬᠦ ᠂ ᠬᠤᠯᠪᠣᠭᠳᠠᠬᠤ ᠱᠠᠭᠠᠷᠳᠠᠯᠭ᠎ᠠ ᠵᠢ ᠬᠠᠩᠭᠠᠭ᠎ᠠ ᠦᠭᠡᠢ ᠲᠤᠬᠢᠶᠠᠯᠳᠤᠯ ᠳᠤ ᠵᠠᠬᠢᠷᠭᠠᠨ ᠪ ᠠᠷᠭ᠎ᠠ ᠬᠡᠮᠵᠢᠶ᠎ᠡ ᠠᠪᠴᠤ ᠦᠢᠯᠡ ᠠᠵᠢᠯᠯᠠᠭ᠎ᠠ ᠵᠢ ᠨᠢ ᠬᠤᠷᠢᠭᠯᠠᠨ᠎ᠠ ᠃ ᠬᠡᠷᠪᠡ ᠵᠠᠬᠢᠷᠭᠠᠨ ᠪ ᠠᠷᠭ᠎ᠠ ᠬᠡᠮᠵᠢᠶ᠎ᠡ ᠵᠢ ᠪᠡᠶᠡᠯᠡᠭᠦᠯᠬᠦ ᠦᠭᠡᠢ ᠪᠣᠯ ᠲᠤᠬᠠᠢ ᠵᠢᠨ ᠤᠪᠶ᠋ᠸᠺᠲ ᠪᠠᠢᠢᠭᠤᠯᠤᠮᠵᠢ ᠵᠢ ᠬᠠᠭᠠᠬᠤ ᠂ ᠨᠥᠬᠥᠨ ᠲᠥᠯᠦᠪᠦᠷᠢ ᠨᠡᠬᠡᠮᠵᠢᠯᠡᠬᠦ ᠵᠡᠷᠭᠡ ᠬᠠᠤᠯᠢ ᠵᠢᠨ ᠪᠦᠬᠦ ᠠᠷᠭ᠎ᠠ ᠬᠡᠮᠵᠢᠶ᠎ᠡ ᠵᠢ ᠠᠪᠤᠨ᠎ᠠ ᠃

2.ᠢᠷᠭᠡᠳ ᠲᠠ ᠪᠦᠬᠦᠨ 3 ᠳ᠋ᠤᠭᠠᠷ ᠰᠠᠷ᠎ᠠ ᠵᠢᠨ 22᠎ ᠡᠴᠠ 4  ᠳ᠋ᠤᠭᠡᠷ ᠰᠠᠷ᠎ᠠ ᠵᠢᠨ 5 ᠪ ᠬᠤᠭᠤᠷᠤᠨᠳᠤᠬᠢ 15 ᠬᠤᠨᠤᠭ ᠤᠨ ᠬᠤᠭᠤᠴᠠᠭᠠᠨ ᠳᠤ ᠣᠯᠠᠨ ᠨᠡᠢᠢᠲᠡ ᠵᠢᠨ ᠭᠠᠵᠠᠷ ᠵᠢᠨᠷ ᠶᠠᠪᠤᠬᠤ ᠡᠴᠠ ᠲᠠᠲᠠᠭᠠᠯᠵᠠᠬᠤ ᠵᠢ ᠬᠦᠰᠡᠶ᠎ᠡ ᠃ ᠮᠥᠨ ᠡ‍ᠳᠦᠷ ᠲᠤᠲᠤᠮ ᠤᠨ ᠵᠠᠢᠢᠯᠠᠰᠢ ᠦᠭᠡᠢ ᠥᠷᠭᠡᠨ ᠬᠡᠷᠡᠭᠯᠡᠭᠡᠨ ᠪ ᠪᠠᠷᠠᠭ᠎ᠠ ᠪᠦᠲᠦᠭᠡᠭᠳᠡᠬᠦᠨ ᠬᠤᠳᠠᠯᠳᠤᠨ ᠠᠪᠬᠤ ᠡᠴᠠ ᠪᠤᠰᠤᠳ ᠲᠤᠬᠢᠶᠠᠯᠳᠤᠯ ᠳᠤ ᠭᠡᠷ ᠡ‍ᠴᠡ ᠪᠡᠨ ᠠᠯᠢ ᠪᠣᠯᠬᠤ ᠭᠠᠷᠬᠤ ᠦᠭᠡᠢ ᠪᠠᠶᠢᠬᠤ ᠂ ᠠᠭᠤᠯᠵᠠᠯᠲᠠ  ᠴᠤᠭᠯᠠᠭᠠᠨ ᠂ ᠠᠶᠠᠯᠠᠯ ᠊ᠢ ᠬᠤᠢᠢᠰᠢᠯᠠᠭᠤᠯᠬᠤ ᠪᠣᠯᠤᠨ ᠴᠤᠴᠠᠯᠬᠤ ᠵᠢ ᠬᠦᠰᠡᠶ᠎ᠡ ᠃

  1. ᠬᠠᠯᠠᠭᠤᠷᠠᠬᠤ ᠂ ᠬᠤᠭᠤᠯᠠᠢ ᠡ‍ᠪᠡᠳᠬᠦ ᠂ ᠬᠠᠨᠢᠶᠠᠯᠭᠠᠬᠤ ᠵᠡᠷᠭᠡ ᠠᠮᠢᠰᠬᠤᠯ ᠤᠨ ᠵᠠᠮ ᠤᠨ ᠰᠢᠨᠵᠢ ᠲᠡᠮᠳᠡᠭ ᠢᠯᠡᠷᠡᠪᠡᠯ ᠠᠵᠢᠯ ᠳ᠋ᠤ ᠪᠠᠨ ᠶᠠᠪᠤᠬᠤ ᠦᠭᠡᠢ ᠭᠡᠷ ᠡ‍ᠴᠡ ᠪᠡᠨ ᠠᠯᠪᠠᠨ ᠠᠵᠢᠯ ᠵᠢᠨᠨ ᠬᠢᠬᠦ ᠂ ᠵᠠᠢᠢᠯᠠᠰᠢ ᠦᠭᠡᠢ ᠠᠵᠢᠯᠯᠠᠬᠤ ᠱᠠᠭᠠᠷᠳᠠᠯᠭ᠎ᠠ ᠭᠠᠷᠪᠠᠯ ᠬᠥᠮᠦᠰ ᠲᠠᠢ ᠬᠤᠪᠢ ᠵᠢᠨ ᠵᠠᠢ ︵2 ᠮᠧᠲ᠋ᠷ ︶ ᠪᠠᠷᠢᠵᠤ ᠬᠠᠷᠢᠯᠴᠠᠬᠤ ᠵᠡᠷᠭᠡ ᠬᠤᠪᠢ ᠵᠢᠨ ᠠᠷᠢᠭᠤᠨ ᠴᠡᠪᠡᠷ ᠤᠨ ᠱᠠᠭᠠᠷᠳᠠᠯᠭ᠎ᠠ ᠨᠤᠭᠤᠳ ᠊ᠢ ᠰᠠᠬᠢᠵᠤ ᠮᠥᠷᠳᠡᠬᠦ ᠬᠡᠷᠡᠭᠲᠡᠢ ᠃
ᠰᠡᠳᠬᠢᠭᠳᠡᠯ ᠦᠯᠡᠳᠡᠭᠡᠬᠦ