ᠡ‍ᠬᠡ ᠵᠢᠨ ᠡ‍ᠨᠳᠡᠭᠳᠡᠯ ᠊ᠢ ᠪᠠᠭᠤᠷᠠᠭᠤᠯᠤᠭᠰᠠᠨ 9 ᠣᠷᠤᠨ ᠪ ᠨᠢᠭᠡ ᠨᠢ ᠮᠤᠩᠭᠤᠯ ᠤᠯᠤᠰ | News.MN

ᠡ‍ᠬᠡ ᠵᠢᠨ ᠡ‍ᠨᠳᠡᠭᠳᠡᠯ ᠊ᠢ ᠪᠠᠭᠤᠷᠠᠭᠤᠯᠤᠭᠰᠠᠨ 9 ᠣᠷᠤᠨ ᠪ ᠨᠢᠭᠡ ᠨᠢ ᠮᠤᠩᠭᠤᠯ ᠤᠯᠤᠰ

ᠮᠤᠩᠭᠤᠯ ᠤᠯᠤᠰ ᠪᠣᠯᠤᠨ ᠳᠡᠯᠡᠬᠡᠢ ᠳ᠋ᠠᠬᠢᠨ ᠳ᠋ᠡᠬᠢ ᠡ‍ᠮᠡᠭᠲᠡᠢᠢᠴᠦᠳ ᠡ‍ᠷᠬᠢᠮ ᠴᠢᠨᠠᠷᠲᠠᠢ᠂ ᠡ‍ᠷᠬᠡ ᠴᠢᠯᠦᠭᠡᠲᠡᠢ᠂ ᠢᠯᠭᠠᠪᠤᠷᠢᠯᠠᠨ  ᠭᠠᠳᠠᠭᠤᠷᠬᠠᠯ ᠦᠭᠡᠢ ᠪᠡᠷ ᠠᠮᠢᠳᠤᠷᠠᠬᠤ ᠡ‍ᠷᠬᠡ ᠲᠠᠢ᠃ ᠵᠧᠨᠳᠧᠷ ᠤᠨ ᠲᠡᠭᠰᠢ ᠪᠠᠢᠢᠳᠠᠯ ᠨᠢ ᠬᠥᠮᠦᠨ ᠪ  ᠡᠳ᠋ᠯᠡᠪᠡᠯ ᠵᠤᠬᠢᠬᠤ ᠡ‍ᠷᠬᠡ ᠲᠡᠳᠦᠢ ᠦᠭᠡᠢ ᠲᠤᠭᠲᠠᠪᠤᠷᠢᠲᠠᠢ ᠬᠥᠭᠵᠢᠯ᠂ ᠡ‍ᠩᠬᠡ ᠲᠠᠢᠢᠪᠤᠩ᠂ ᠠᠶᠤᠯᠭᠦᠢ ᠪᠠᠢᠢᠳᠠᠯ ᠳᠤ ᠴᠢᠬᠤᠯᠠ ᠡ‍ᠭᠦᠷᠭᠡ ᠭᠦᠢᠴᠡᠳᠬᠡᠳᠡᠭ ᠭᠡᠵᠦ ᠣᠯᠠᠨ ᠤᠯᠤᠰ ᠤᠨ ᠡ‍ᠮᠡᠭᠲᠡᠢᠢᠴᠦᠳ ᠤᠨ ᠡ‍ᠳᠦᠷ ᠊ᠢ ᠲᠤᠬᠢᠶᠠᠯᠳᠤᠭᠤᠯᠤᠨ ᠮᠤᠩᠭᠤᠯ ᠤᠯᠤᠰ ᠲᠠᠬᠢ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠡᠴᠠ ᠳᠡᠪᠰᠢᠭᠦᠯᠦᠭᠰᠡᠨ ᠮᠡᠨᠳᠤᠴᠢᠯᠡᠭᠡᠨ ᠳ᠋ᠦ ᠣᠨᠴᠠᠯᠠᠵᠠᠢ᠃ ᠮᠡᠨᠳᠤᠴᠢᠯᠡᠭᠡᠨ ᠳ᠋ᠦ᠂ ᠮᠤᠩᠭᠤᠯ ᠤᠯᠤᠰ ᠲᠠᠬᠢ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ ᠲᠥᠯᠦᠭᠡᠯᠡᠭᠴᠢ ᠵᠢᠨ ᠭᠠᠵᠠᠷ ᠮᠤᠩᠭᠤᠯ ᠤᠯᠤᠰ ᠤᠨ ᠵᠠᠰᠠᠭ ᠤᠨ ᠭᠠᠵᠠᠷ ᠡ‍ᠮᠡᠭᠲᠡᠢᠢᠴᠦᠳ ᠤᠨ ᠡ‍ᠷᠬᠡ ᠵᠢ ᠠᠬᠢᠴᠠ ᠳᠡᠪᠰᠢᠯᠲᠡᠢ ᠪᠡᠷ ᠪᠡᠶᠡᠯᠡᠭᠦᠯᠬᠦ ᠪᠡᠷ ᠬᠢᠴᠢᠶᠡᠵᠦ ᠵᠢᠳᠬᠦᠵᠦ ᠪᠠᠢᠢᠭ᠎ᠠ ᠵᠢ ᠭᠦᠨ᠎ᠡ ᠰᠠᠢᠢᠰᠢᠶᠠᠵᠤ ᠪᠠᠢᠢᠨ᠎ᠠ ᠃ ᠪᠢᠳᠠ ᠵᠧᠨᠳᠧᠷ ᠤᠨ ᠡ‍ᠷᠬᠡ ᠲᠡᠭᠰᠢ ᠪᠠᠢᠢᠳᠠᠯ ᠊ᠢ ᠬᠠᠩᠭᠠᠬᠤ ᠪᠣᠳᠤᠯᠭ᠎ᠠ᠂ ᠬᠠᠤᠯᠢ ᠵᠦᠢ ᠵᠢᠨ ᠣᠷᠴᠢᠨ ᠊ᠢ ᠰᠠᠢᠢᠵᠢᠷᠠᠭᠤᠯᠵᠤ ᠂  ᠵᠸᠨᠳ᠋ᠸᠷ ᠲᠦ ᠰᠠᠭᠤᠷᠢᠯᠠᠭᠰᠠᠨ ᠢᠯᠭᠠᠪᠤᠷᠢᠯᠠᠨ ᠭᠠᠳᠠᠭᠤᠷᠬᠠᠯᠲᠠ ᠂ ᠬᠦᠴᠦᠷᠬᠡᠢᠢᠯᠡᠯ ᠊ᠢ ᠠᠷᠢᠯᠭᠠᠬᠤ ᠂ ᠠᠵᠢᠯ ᠤᠨ ᠪᠠᠢᠢᠷᠢᠨ ᠪ ᠪᠡᠯᠭᠡ ᠵᠢᠨ ᠳᠠᠷᠤᠮᠲᠠ ᠵᠢ ᠡ‍ᠴᠦᠰᠯᠡᠬᠦ ᠬᠠᠤᠯᠢ ᠪᠠᠲᠤᠯᠠᠵᠤ ᠮᠥᠷᠳᠡᠵᠦ ᠪᠠᠢᠢᠭ᠎ᠠ ᠨᠢ ᠰᠡᠭᠦᠯ ᠤᠨ ᠵᠢᠯ ᠳᠦ ᠭᠠᠷᠤᠭᠰᠠᠨ ᠴᠥᠭᠡᠨ ᠦᠭᠡᠢ ᠳᠡᠪᠰᠢᠯ ᠬᠡᠮᠡᠨ ᠴᠤᠬᠤᠨ ᠲᠡᠮᠳᠡᠭᠯᠡᠵᠦ ᠪᠠᠢᠢᠨ᠎ᠠ ᠃

ᠲᠥᠷᠦ ᠢᠵᠢᠯᠢ ᠦᠨᠡᠯᠡᠮᠵᠢ ᠪᠦᠬᠦᠢ ᠬᠥᠳᠡᠯᠮᠦᠷᠢ ᠳ᠋ᠦ ᠠᠳᠠᠯᠢ ᠴᠠᠯᠢᠩ ᠬᠥᠯᠦᠰᠦ ᠣᠯᠭᠤᠬᠤ ᠂ ᠠᠵᠢᠯ ᠂ ᠮᠡᠷᠭᠡᠵᠢᠯ ᠵᠢᠨᠷ ᠦᠯᠦ ᠢᠯᠭᠠᠪᠤᠷᠢᠯᠠᠬᠤ ᠂ ᠠᠵᠢᠯ  ᠤᠨ ᠪᠠᠢᠢᠷᠢᠨ ᠳᠦ ᠪᠦᠬᠦ ᠲᠥᠷᠦᠯ ᠤᠨ ᠳᠠᠷᠤᠮᠲᠠ ᠂ ᠬᠦᠴᠦᠷᠬᠡᠢᠢᠯᠡᠯ ᠊ᠢ ᠬᠤᠷᠢᠭᠯᠠᠬᠤ ᠵᠡᠷᠭᠡ ᠣᠯᠠᠨ ᠤᠯᠤᠰ ᠤᠨ ᠬᠥᠳᠡᠯᠮᠦᠷᠢ ᠵᠢᠨ ᠲᠠᠯ᠎ᠠ ᠪᠡᠷ ᠬᠢ ᠵᠢᠱᠢᠭ ᠲᠠᠢ ᠨᠡᠢᠢᠴᠡᠭᠦᠯᠵᠦ ᠂ ᠬᠥᠳᠡᠯᠮᠦᠷᠢ ᠵᠢᠨ ᠬᠠᠷᠢᠯᠴᠠᠭ᠎ᠠ ᠵᠢ ᠵᠤᠬᠢᠴᠠᠭᠤᠯᠤᠭᠰᠠᠨ ᠬᠠᠤᠯᠢ ᠪᠠᠨ ᠰᠢᠨᠡᠴᠢᠯᠡᠨ ᠨᠠᠢᠢᠷᠠᠭᠤᠯᠵᠤ ᠪᠠᠢᠢᠭ᠎ᠠ ᠵᠢ ᠰᠠᠢᠢᠰᠢᠶᠠᠵᠤ ᠪᠠᠢᠢᠨ᠎ᠠ ᠃ ᠮᠥᠨ ᠮᠤᠩᠭᠤᠯ ᠤᠯᠤᠰ ᠨᠢ ᠡ‍ᠬᠡ ᠵᠢᠨ ᠡ‍ᠨᠳᠡᠭᠳᠡᠯ ᠊ᠢ 2/3 ᠬᠤᠪᠢ ᠪᠡᠷ ᠪᠠᠭᠤᠷᠠᠭᠤᠯᠬᠤ ᠵᠤᠷᠢᠯᠲᠠ ᠳᠦ ᠬᠦᠷᠦᠭᠰᠡᠨ  ᠶᠢᠰᠦᠬᠡᠨ ᠤᠯᠤᠰ ᠤᠨ ᠨᠢᠭᠡ ᠭᠡᠳᠡᠭ ᠊ᠢ ᠴᠤᠬᠤᠨ ᠲᠡᠮᠳᠡᠭᠯᠡᠵᠡᠢ ᠃

ᠰᠡᠳᠬᠢᠭᠳᠡᠯ ᠦᠯᠡᠳᠡᠭᠡᠬᠦ