ᠪᠥᠮᠪᠥᠭᠡ ᠲᠠᠢ ᠬᠤᠺᠺᠸᠨ ᠳᠡᠯᠡᠬᠡᠢ ᠵᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳ᠋ᠦ ᠥᠷᠢᠰᠦᠯᠳᠦᠵᠦ ᠪᠠᠢᠢᠭ᠎ᠠ ᠮᠤᠩᠭᠤᠯ ᠤᠨ ᠰᠢᠭᠰᠢᠭᠡ ᠪᠠᠭ ᠬᠠᠰᠤᠭᠳᠠᠬᠤ ᠱᠠᠲᠤᠨ ᠳᠤ ᠴᠸᠬᠣ᠋ ᠵᠢᠨ ᠪᠠᠭ ᠢ 2:1 ᠪᠠᠷ ᠪᠠᠭᠤᠯᠭᠠᠨ ᠠᠪᠴᠤ ᠬᠠᠭᠠᠰ ᠰᠢᠭᠰᠢᠭᠡ ᠳ᠋ᠦ ᠲᠤᠭᠯᠠᠬᠤ ᠡᠷᠬᠡ ᠲᠠᠢ ᠪᠣᠯᠵᠠᠢ᠃
ᠴᠸᠬᠣ᠋ ᠵᠢᠨ ᠬᠦᠴᠦᠲᠡᠢ ᠪᠠᠭ ᠢ ᠬᠤᠵᠢᠬᠤ ᠳ᠋ᠤ ᠭ᠊·ᠲᠠᠮᠢᠷ᠂ ᠵ᠊·ᠪᠠᠶᠠᠷᠰᠠᠢᠢᠬᠠᠨ ᠨᠠᠷ ᠭᠤᠤᠯᠢ ᠣᠷᠤᠭᠤᠯᠵᠤ᠂ ᠪᠠᠭ ᠵᠢᠨᠨ ᠢᠯᠠᠯᠲᠠ ᠳ᠋ᠤ ᠬᠥᠲᠦᠯᠦᠯᠡ᠃ ᠮᠤᠩᠭᠤᠯ ᠤᠨ ᠪᠠᠭ ᠳᠡᠯᠡᠬᠡᠢ ᠵᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪ ᠬᠠᠭᠠᠰ ᠰᠢᠭᠰᠢᠭᠡ ᠳ᠋ᠦ ᠦᠺᠷᠡᠶᠢᠨ᠂ ᠯᠠᠲ᠋ᠢᠸᠠ ᠶᠢᠨ ᠪᠠᠭ ᠤᠳ ᠤᠨ ᠬᠤᠵᠢᠭᠰᠠᠨ ᠲᠠᠢ ᠬᠦᠴᠦ ᠦᠵᠡᠨ᠎ᠡ ᠃ ᠬᠡᠰᠡᠭ ᠲᠤ ᠪᠠᠨ ᠰᠤᠮᠠᠯᠢ ᠶᠢ 10:0 ᠂ ᠰᠯᠤᠸᠢᠺᠢᠶᠠ 4:0 ᠂ ᠶᠠᠫᠤᠨ ᠢ 2:1 ᠪᠠᠷ ᠬᠤᠵᠢᠵᠤ ᠂ ᠬᠠᠰᠤᠭᠳᠠᠬᠤ ᠱᠠᠲᠤᠨ ᠳ᠋ᠣ ᠴᠸᠬᠣ᠋ ᠵᠢᠨ ᠪᠠᠭ ᠢ 2:1 ᠪᠠᠷ ᠲᠤᠰ ᠲᠤᠰ ᠪᠠᠭᠤᠯᠭᠠᠨ ᠠᠪᠤᠭᠰᠠᠨ ᠰᠢᠭᠰᠢᠭᠡ ᠪᠠᠭ ᠤᠨ ᠬᠢᠨ ᠳ᠋ᠦ ᠪᠡᠨ ᠠᠪᠤᠷᠭᠤ ᠵᠢᠨ ᠲᠥᠯᠦᠭᠡ ᠲᠤᠭᠯᠠᠬᠤ ᠵᠢ ᠬᠦᠰᠡᠨ ᠢᠷᠦᠭᠡᠶ᠎ᠡ ᠃ ᠬᠠᠭᠠᠰ ᠰᠢᠭᠰᠢᠭᠡ ᠵᠢᠨ ᠲᠤᠭᠯᠠᠯᠲᠠ 03 ᠳ᠋ᠤᠭᠠᠷ ᠰᠠᠷ᠎ᠠ ᠵᠢᠨ 05 ᠳ᠋ᠦ 14:30 ᠴᠠᠭ ᠡᠴᠠ ᠪᠣᠯᠤᠨ᠎ᠠ ᠃