ᠡᠭᠡᠯᠵᠢᠲᠤ ᠪᠤᠰᠤ ᠴᠢᠭᠤᠯᠭᠠᠨ ᠵᠠᠷᠯᠠᠭᠳᠠᠬᠤ ᠦᠭᠡᠢ | News.MN

ᠡᠭᠡᠯᠵᠢᠲᠤ ᠪᠤᠰᠤ ᠴᠢᠭᠤᠯᠭᠠᠨ ᠵᠠᠷᠯᠠᠭᠳᠠᠬᠤ ᠦᠭᠡᠢ

ᠬᠠᠤᠯᠢ ᠵᠢᠨ ᠳᠠᠭᠠᠤ ᠤᠯᠤᠰ ᠤᠨ ᠶᠡᠬᠡ ᠬᠤᠷᠠᠯ ᠤᠨ 2019 ᠣᠨ ᠪ ᠨᠠᠮᠤᠷ  ᠤᠨ ᠴᠢᠭᠤᠯᠭᠠᠨ ᠵᠠᠪᠰᠠᠷᠯᠠᠵᠤ ᠂ 2020 ᠣᠨ ᠪ ᠬᠠᠪᠤᠷ  ᠤᠨ ᠴᠢᠭᠤᠯᠭᠠᠨ ᠢᠷᠡᠬᠦ ᠳᠥᠷᠪᠡᠳᠦᠭᠡᠷ ᠰᠠᠷ᠎ᠠ ᠳᠤ ᠨᠡᠭᠡᠭᠡᠯᠲᠡ ᠪᠡᠨ ᠬᠢᠬᠦ ᠲᠤᠪ ᠲᠠᠢ ᠪᠠᠢᠢᠭ᠎ᠠ᠃ ᠭᠡᠪᠡᠴᠦ ᠴᠠᠭ ᠦᠶ᠎ᠡ ᠵᠢᠨ ᠪᠠᠢᠢᠳᠠᠯ ᠲᠠᠢ ᠬᠤᠯᠪᠣᠭᠠᠲᠠᠢ ᠪᠡᠷ ᠡ‍ᠭᠡᠯᠵᠢᠲᠦ ᠪᠤᠰᠤ ᠴᠢᠭᠤᠯᠭᠠᠨ ᠵᠠᠷᠯᠠᠭᠳᠠᠵᠤ ᠮᠠᠭᠠᠳ ᠦᠭᠡᠢ ᠭᠡᠰᠡᠨ ᠬᠦᠯᠢᠶᠡᠯᠲᠡ ᠡ‍ᠭᠦᠰᠦᠭᠡᠳ ᠪᠤᠢ ᠃ ᠤᠴᠢᠷ ᠨᠢ ᠭᠠᠮᠰᠢᠭ ᠡᠴᠠ ᠬᠠᠮᠠᠭᠠᠯᠠᠬᠤ ᠥᠨᠳᠦᠷᠵᠢᠭᠦᠯᠦᠭᠰᠡᠨ ᠪᠡᠯᠡᠨ ᠪᠠᠢᠢᠳᠠᠯ ᠳᠤ ᠰᠢᠯᠵᠢᠭᠰᠡᠨ ᠲᠡᠢ ᠬᠤᠯᠪᠣᠭᠠᠲᠠᠢ ᠪᠡᠷ ᠡ‍ᠳ᠋  ᠤᠨ ᠵᠠᠰᠠᠭ ᠤᠨ ᠨᠥᠬᠥᠴᠡᠯ ᠪᠠᠢᠢᠳᠠᠯ ᠬᠦᠨᠳᠦᠷᠡᠭᠰᠡᠨ ᠃

ᠤᠯᠠᠮ ᠵᠢᠨᠷ ᠡ‍ᠳ᠋ ᠤᠨ ᠵᠠᠰᠠᠭ ᠢ ᠳᠡᠮᠵᠢᠬᠦ ᠪᠣᠳᠤᠯᠭ᠎ᠠ ᠵᠢᠨ ᠬᠦᠷᠢᠶᠡᠨ ᠳ᠋ᠦ ᠠᠪᠬᠤ ᠠᠷᠭ᠎ᠠ ᠬᠡᠮᠵᠢᠶᠡᠨ ᠪ ᠲᠤᠬᠠᠢ ᠲᠤᠭᠲᠠᠭᠠᠯ  ᠤᠨ ᠲᠥᠰᠦᠯ ᠢ ᠤᠯᠤᠰ  ᠤᠨ ᠶᠡᠬᠡ ᠬᠤᠷᠠᠯ ᠵᠢᠨᠷ ᠪᠠᠲᠤᠯᠠᠭᠤᠯᠬᠤ ᠪᠠᠷ ᠪᠣᠯᠤᠭᠠᠳ ᠪᠠᠢᠢᠭ᠎ᠠ ᠪᠢᠯᠡ ᠃  ᠡ‍ᠨᠡ ᠲᠠᠯ᠎ᠠ ᠪᠡᠷ ᠤᠯᠤᠰ  ᠤᠨ ᠶᠡᠬᠡ ᠬᠤᠷᠠᠯ ᠳ᠋ᠡᠬᠢ ᠮᠤᠩᠭᠤᠯ ᠠᠷᠠᠳ ᠤᠨ ᠨᠠᠮ ᠤᠨ ᠪᠦᠯᠦᠭ  ᠤᠨ ᠳᠠᠷᠤᠭ᠎ᠠ ᠳ᠋᠊ · ᠲᠤᠭᠲᠠᠬᠤᠰᠦ᠋ᠷᠤᠩ ᠠᠴᠠ ᠲᠤᠳᠤᠷᠠᠭᠤᠯᠬᠤ ᠳᠤ ︽ ᠡ‍ᠭᠡᠯᠵᠢᠲᠦ ᠪᠤᠰᠤ ᠴᠢᠭᠤᠯᠭᠠᠨ ᠵᠠᠷᠯᠠᠬᠤ ᠲᠤᠬᠠᠢ ᠠᠰᠠᠭᠤᠳᠠᠯ ᠶᠠᠷᠢᠭᠳᠠᠭ᠎ᠠ ᠦᠭᠡᠢ ᠃ ᠬᠡᠯᠡᠯᠴᠡᠬᠦ ᠠᠰᠠᠭᠤᠳᠠᠯ ᠪᠠᠢᠢᠬᠤ ᠦᠭᠡᠢ ︾ ᠭᠡᠰᠡᠨ ᠬᠠᠷᠢᠭᠤᠯᠲᠠ ᠥᠭᠭᠦᠯ᠎ᠡ ᠃

ᠰᠡᠳᠬᠢᠭᠳᠡᠯ ᠦᠯᠡᠳᠡᠭᠡᠬᠦ