ᠵᠠᠰᠠᠭ ᠤᠨ ᠭᠠᠵᠠᠷ ᠳᠠᠷᠠᠭᠠᠬᠢ ᠠᠰᠠᠭᠤᠳᠠᠯ ᠢ ᠬᠡᠯᠡᠯᠴᠡᠨ ᠰᠢᠢᠳᠪᠦᠷᠢᠯᠡᠯ᠎ᠡ | News.MN

ᠵᠠᠰᠠᠭ ᠤᠨ ᠭᠠᠵᠠᠷ ᠳᠠᠷᠠᠭᠠᠬᠢ ᠠᠰᠠᠭᠤᠳᠠᠯ ᠢ ᠬᠡᠯᠡᠯᠴᠡᠨ ᠰᠢᠢᠳᠪᠦᠷᠢᠯᠡᠯ᠎ᠡ

– ᠮᠡᠷᠭᠡᠵᠢᠯ ᠤᠨ ᠪᠣᠯᠪᠠᠰᠤᠷᠠᠯ ᠂ ᠰᠤᠷᠭᠠᠯᠲᠠ ᠵᠢᠨ ᠪᠠᠢᠢᠭᠤᠯᠭ᠎ᠠ ᠵᠢᠨ ᠳᠤᠲᠤᠭᠤᠷ ᠪᠠᠢᠢᠷᠢᠨ ᠳᠤ ᠠᠮᠢᠳᠤᠷᠠᠬᠤ ᠨᠢᠭᠡ ᠰᠤᠷᠤᠯᠴᠠᠭᠴᠢ ᠵᠢᠨ ᠬᠤᠨᠤᠭ ᠤᠨ ᠬᠤᠭᠤᠯᠠᠨ ᠪ ᠵᠠᠷᠤᠳᠠᠯ 2315 ᠲᠥᠭᠥᠷᠢᠭ ᠪᠠᠢᠢᠭᠰᠠᠨ ᠢ 3000 ᠲᠥᠭᠥᠷᠢᠭ ᠪᠣᠯᠭᠠᠪᠠ ᠃ ᠬᠤᠭᠤᠯᠠᠨ ᠪ ᠵᠠᠷᠤᠳᠠᠯ ᠳᠤ ᠡ‍ᠨᠡ ᠵᠢᠯ ᠨᠡᠢᠢᠲᠡ 2.9 ᠲᠡᠷᠪᠤᠮ ᠲᠥᠭᠥᠷᠢᠭ ᠪᠠᠲᠤᠯᠠᠭᠳᠠᠭᠰᠠᠨ ᠪᠠᠢᠢᠨ᠎ᠠ ᠃ ᠤᠯᠤᠰ ᠤᠨ ᠬᠡᠮᠵᠢᠶᠡᠨ ᠳ᠋ᠦ ᠮᠡᠷᠭᠡᠵᠢᠯ ᠤᠨ ᠪᠣᠯᠪᠠᠰᠤᠷᠠᠯ ᠂ ᠰᠤᠷᠭᠠᠯᠲᠠ ᠵᠢᠨ 80 ᠭᠠᠷᠤᠢ ᠪᠠᠢᠢᠭᠤᠯᠭ᠎ᠠ ᠳᠤ 38 ᠣᠷᠴᠢᠮ ᠮᠢᠩᠭᠠᠨ ᠬᠥᠮᠦᠨ ᠰᠤᠷᠤᠯᠴᠠᠵᠤ ᠪᠠᠢᠢᠭ᠎ᠠ ᠵᠢᠨ 5000 ᠭᠠᠷᠤᠢ ᠨᠢ ᠳᠤᠲᠤᠭᠤᠷ ᠪᠠᠢᠢᠷᠢᠨ ᠳᠤ ᠠᠮᠢᠳᠤᠷᠠᠳᠠᠭ ᠶᠤᠮ ᠃

– ᠳ᠋ᠢᠫᠯᠤᠮᠠᠲ ᠪᠣᠯᠤᠨ ᠠᠯᠪᠠᠨ ᠫᠠᠰᠫᠣᠷᠲ ᠡ‍ᠵᠡᠮᠰᠢᠭᠴᠢ ᠢᠷᠭᠡᠳ 90 ᠬᠦᠷᠲᠡᠯᠡᠬᠢ ᠬᠤᠨᠤᠭ ᠬᠠᠷᠢᠯᠴᠠᠨ ᠸᠢᠰᠠ ᠦᠭᠡᠢ ᠵᠤᠷᠴᠢᠬᠤ ᠲᠤᠬᠠᠢ ᠮᠤᠩᠭᠤᠯ ᠤᠯᠤᠰ ᠂ ᠪᠦᠭᠦᠳᠡ ᠨᠠᠢᠢᠷᠠᠮᠳᠠᠬᠤ ᠰᠯᠤᠸᠢᠨᠢᠶ᠎ᠠ ᠤᠯᠤᠰ ᠤᠨ ᠵᠠᠰᠠᠭ ᠤᠨ ᠭᠠᠵᠠᠷ ᠬᠤᠭᠤᠷᠤᠨᠳᠤ ᠵᠢᠨ ᠲᠥᠰᠦᠯ ᠢ ᠳᠡᠮᠵᠢᠪᠡ ᠃ ᠬᠡᠯᠡᠯᠴᠡᠭᠡᠷ ᠲᠦ ᠣᠢᠢᠷ᠎ᠠ ᠵᠢᠨ ᠡ‍ᠳᠦᠷ ᠲᠦ ᠭᠠᠷ ᠤᠨ ᠦᠰᠦᠭ ᠵᠢᠷᠤᠬᠤ ᠪᠥᠭᠡᠳ ᠳᠡᠭᠡᠷᠡᠬᠢ ᠲᠥᠷᠦᠯ ᠤᠨ ᠫᠠᠰᠫᠣᠷᠲ ᠡ‍ᠵᠡᠮᠰᠢᠭᠴᠢ ᠮᠤᠩᠭᠤᠯ ᠢᠷᠭᠡᠳ  ᠡᠸᠦ᠋ᠷᠦᠫᠡ ᠵᠢᠨ 25 ᠤᠯᠤᠰ ᠲᠤ ᠸᠢᠰᠠ ᠦᠭᠡᠢ ᠵᠤᠷᠴᠢᠬᠤ ᠪᠣᠯᠤᠮᠵᠢᠲᠠᠢ ᠪᠣᠯᠤᠨ᠎ᠠ ᠃

– ︽ ᠰᠫᠣᠷᠲ ᠤᠨ ᠠᠨᠠᠭᠠᠬᠤ ᠤᠬᠠᠭᠠᠨ ᠂ ᠡ‍ᠷᠳᠡᠮ ᠰᠢᠨᠵᠢᠯᠡᠭᠡᠨ ᠪ ᠲᠥᠪ︾ ᠢ ᠪᠡᠶ᠎ᠡ ᠵᠢᠨ ᠲᠠᠮᠢᠷ ᠂ ᠰᠫᠣᠷᠲ ᠤᠨ ᠭᠠᠵᠠᠷ ᠤᠨ ᠬᠠᠷᠢᠶᠠᠨ ᠳᠤ ᠪᠠᠢᠢᠭᠤᠯᠪᠠ ᠃ ᠲᠥᠪ ᠨᠢ ᠪᠡᠶ᠎ᠡ ᠵᠢᠨ ᠲᠠᠮᠢᠷ᠂ ᠰᠫᠣᠷᠲ ᠵᠢᠨᠷ ᠬᠢᠴᠢᠶᠡᠯᠯᠡᠭᠴᠢ ᠢᠷᠭᠡᠨ ᠂ ᠲᠠᠮᠢᠷᠴᠢᠳ ᠲᠤ ᠯᠠᠪᠯᠠᠯᠭ᠎ᠠ ᠲᠤᠰᠠᠯᠠᠮᠵᠢ ᠂ ᠦᠢᠯᠡᠴᠢᠯᠡᠭᠡ ᠦᠵᠡᠭᠦᠯᠬᠦ ᠂ ᠰᠫᠣᠷᠲ  ᠤᠨ ᠰᠢᠨᠵᠢᠯᠡᠭᠡ ᠰᠤᠳᠤᠯᠭᠠᠨ ᠂ ᠲᠤᠷᠰᠢᠯᠲᠠ ᠂ ᠰᠤᠷᠭᠠᠯᠲᠠ ᠡ‍ᠷᠬᠢᠯᠡᠬᠦ ᠡ‍ᠭᠦᠷᠭᠡ ᠲᠠᠢ ᠶᠤᠮ ᠃

ᠰᠡᠳᠬᠢᠭᠳᠡᠯ ᠦᠯᠡᠳᠡᠭᠡᠬᠦ