︽ᠡᠷᠳᠡᠨᠢᠰ ᠮᠧᠲ᠋ᠠᠨ︾ ᠺᠣᠮᠫᠠᠨᠢ ᠨᠢ ᠨᠡᠭᠦᠷᠡᠰᠦᠨ ᠪ ᠳᠠᠪᠬᠤᠷᠭ᠎ᠠ ᠵᠢᠨ ᠮᠧᠲ᠋ᠠᠨ ᠬᠡᠢ ᠵᠢᠨ ᠨᠥᠭᠡᠴᠡ ᠵᠢ ᠲᠤᠭᠲᠠᠭᠠᠵᠤ ᠂ ᠡᠷᠴᠢᠮ ᠬᠦᠴᠦᠨ ᠪ ᠴᠡᠪᠡᠷ ᠡᠬᠢ ᠡᠭᠦᠰᠭᠦᠷ ᠪᠣᠯᠭᠠᠨ ᠡᠳ᠋ ᠤᠨ ᠵᠠᠰᠠᠭ ᠤᠨ ᠡᠷᠭᠢᠯᠲᠡ ᠳ᠋ᠦ ᠣᠷᠤᠭᠤᠯᠬᠤ ᠵᠤᠷᠢᠯᠭ᠎ᠠ ᠲᠠᠢ ᠮᠧᠲ᠋ᠠᠨ ᠬᠡᠢ ᠵᠢᠨ ᠲᠥᠰᠦᠯ ᠢ ᠬᠡᠷᠡᠭᠵᠢᠭᠦᠯᠬᠦ ᠪᠡᠷ ᠠᠦ᠋ᠰᠲᠷᠡᠯᠢᠶ᠎ᠠ ᠵᠢᠨ ︽ᠵᠸᠢᠢᠳ᠋ ᠮᠧᠲ᠋ᠠᠨ︾ ᠺᠣᠮᠫᠠᠨᠢ ᠲᠠᠢ ᠬᠠᠮᠲᠤᠷᠠᠭᠰᠠᠨ ᠺᠣᠮᠫᠠᠨᠢ ᠪᠠᠶᠢᠭᠤᠯᠵᠤ ᠂ 2019 ᠣᠨ ᠪ ᠲᠠᠪᠤᠳᠤᠭᠠᠷ ᠰᠠᠷ᠎ᠠ ᠳᠤ ᠲᠠᠯ᠎ᠠ ᠨᠤᠭᠤᠳ ᠬᠥᠷᠦᠩᠭᠡ ᠣᠷᠤᠭᠤᠯᠤᠯᠲᠠ ᠵᠢᠨ ᠭᠡᠷ᠎ᠡ ᠳ᠋ᠦ ᠭᠠᠷ ᠤᠨ ᠦᠰᠦᠭ ᠵᠢᠷᠤᠵᠤ ᠂ ᠦᠢᠯᠡ ᠠᠵᠢᠯᠯᠠᠭ᠎ᠠ ᠪᠠᠨ ᠶᠠᠪᠤᠭᠤᠯᠤᠭᠰᠠᠨ ᠵᠢᠨᠷ ᠤᠯᠤᠰ ᠤᠨ ᠲᠥᠰᠦᠪ ᠡᠴᠡ ᠨᠢᠭᠡ ᠴᠦ ᠲᠥᠭᠥᠷᠢᠭ ᠭᠠᠷᠭᠠᠯ ᠦᠭᠡᠢ ᠪᠡᠷ ᠂ ᠤᠭ ᠲᠥᠰᠦᠯ ᠢ ᠬᠡᠷᠡᠭᠵᠢᠭᠦᠯᠵᠦ ᠡᠬᠢᠯᠡᠭᠰᠡᠨ ᠶᠤᠮ ᠃
︽ᠡᠷᠳᠡᠨᠢᠰ ᠮᠧᠲ᠋ᠠᠨ︾ ᠺᠣᠮᠫᠠᠨᠢ ᠵᠢᠨ ᠭᠦᠢᠴᠡᠳᠬᠡᠬᠦ ᠵᠠᠬᠢᠷᠤᠯ ᠳ᠋᠊·ᠠᠮᠤᠷ᠄ ᠪᠢᠳᠠ ᠲᠠᠪᠤᠨᠲᠤᠯᠤᠭᠠᠢ ᠵᠢᠨ ᠪᠦᠯᠦᠭ ᠣᠷᠳᠣ ᠵᠢᠨ ᠮᠧᠲ᠋ᠠᠨ ᠬᠡᠢ ᠵᠢᠨ ᠬᠠᠢᠢᠭᠤᠯ ᠬᠢᠵᠦ ᠡᠬᠢᠯᠡᠬᠦ ᠭᠡᠵᠦ ᠪᠠᠢᠢᠨ᠎ᠠ᠃ ᠪᠦᠲᠦᠭᠡᠭᠳᠡᠬᠦᠨ ᠬᠤᠪᠢᠶᠠᠬᠤ ᠭᠡᠷ᠎ᠡ ᠪᠠᠢᠢᠭᠤᠯᠬᠤ ᠠᠵᠢᠯ ᠵᠢᠨᠨ ᠡᠬᠢᠯᠡᠭᠦᠯᠦᠭᠰᠡᠨ ᠭᠡᠪᠡ ᠃ ︽ᠡᠷᠳᠡᠨᠢᠰ ᠮᠧᠲ᠋ᠠᠨ︾ ᠺᠣᠮᠫᠠᠨᠢ ᠨᠢ 2019 ᠣᠨ ᠳᠤ ᠲᠠᠪᠤᠨᠲᠤᠯᠤᠭᠠᠢ ᠵᠢᠨ ᠪᠦᠯᠦᠭ ᠣᠷᠳᠣ ᠳᠤ ᠨᠡᠭᠦᠷᠡᠰᠦᠨ ᠪ ᠳᠠᠪᠬᠤᠷᠭ᠎ᠠ ᠵᠢᠨ ᠮᠧᠲ᠋ᠠᠨ ᠬᠡᠢ ᠵᠢᠨ ᠡᠷᠢᠯ ᠤᠨ ᠠᠵᠢᠯ ᠭᠦᠢᠴᠡᠳᠬᠡᠵᠦ ᠂ ᠨᠡᠢᠢᠲᠡ 5205 ᠲᠤᠤᠱ ᠮᠧᠲ᠋ᠷ ᠪᠤᠶᠤ 500 – 900 ᠮᠧᠲ᠋ᠷ ᠭᠦᠨ ᠪᠦᠬᠦᠢ 8 ᠴᠤᠨᠤᠭ ᠥᠷᠦᠮᠳᠡᠵᠦ ᠂ ᠦᠷ᠎ᠡ ᠳ᠋ᠦᠩ ᠤᠨ ᠲᠠᠢᠢᠯᠤᠨ ᠵᠢᠨᠨ ᠠᠰᠢᠭᠲᠤ ᠮᠠᠯᠲᠠᠮᠠᠯ ᠭᠠᠵᠠᠷ ᠤᠨ ᠲᠤᠰᠤᠨ ᠪ ᠭᠠᠵᠠᠷ ᠤᠨ ᠲᠧᠭᠨᠢᠭ ᠤᠨ ᠵᠥᠪᠯᠡᠯ ᠵᠢᠨᠷ ᠳ᠋ᠦᠩᠨᠡᠭᠦᠯᠦᠭᠰᠡᠨ ᠶᠤᠮ ᠃