ᠪᠥᠬᠡ ᠵᠢᠨ ᠲᠥᠷᠦᠯ ᠤᠳ ᠤᠨ ᠨᠠᠰᠤᠨ ᠳᠤ ᠬᠦᠷᠦᠭᠰᠡᠳ ᠤᠨ ᠠᠽᠢᠶ᠎ᠠ ᠵᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡᠳᠬᠡᠭ ᠤᠨ ᠨᠡᠢᠢᠰᠯᠡᠯ ᠰᠢᠨ᠎ᠡ ᠳ᠋ᠸᠯᠢ ᠳᠦ ᠪᠣᠯᠵᠤ ᠪᠠᠢᠢᠨ᠎ᠠ᠃ ᠴᠢᠯᠦᠭᠡᠲᠦ ᠪᠥᠬᠡ ᠵᠢᠨ ᠲᠥᠷᠦᠯ ᠥᠨᠦᠳᠦᠷ ᠡᠮᠡᠭᠲᠡᠢᠢᠴᠦᠳ ᠤᠨ 50 ᠂ 55 ᠂ 59 ᠂ 68 ᠂ 76 ᠺᠢᠯᠦᠭᠷᠡᠮ ᠦᠨ ᠵᠢᠩ ᠤᠨ ᠪᠠᠷᠢᠯᠳᠤᠭᠠᠨ ᠵᠢᠨᠷ ᠡᠬᠢᠯᠡᠯ᠎ᠡ ᠃ ᠳᠡᠭᠡᠷᠡᠬᠢ ᠲᠠᠪᠤᠨ ᠵᠢᠩ ᠤᠨ ᠤᠷᠢᠳᠴᠢᠯᠠᠭᠰᠠᠨ ᠬᠠᠭᠠᠰ ᠰᠢᠭᠰᠢᠭᠡ ᠪᠠᠷᠢᠯᠳᠤᠭᠠᠨ ᠨᠤᠭᠤᠳ ᠪᠣᠯᠵᠤ ᠂ ᠮᠠᠨ ᠪ ᠲᠠᠪᠤᠨ ᠪᠦᠰᠡᠭᠦᠢ ᠪᠦᠭᠦᠳᠡ ᠮᠸᠳᠠᠯ ᠤᠨ ᠲᠥᠯᠦᠭᠡ ᠪᠠᠷᠢᠯᠳᠤᠬᠤ ᠪᠠᠷ ᠰᠢᠯᠭᠠᠷᠠᠯ᠎ᠠ ᠃
55 ᠺᠢᠯᠦᠭᠷᠡᠮ ᠦᠨ ᠵᠢᠩ ᠳ᠋ᠦ ᠮ᠊·ᠳᠥᠯᠭᠡᠭᠡᠨ ᠂ 59 ᠺᠢᠯᠦᠭᠷᠡᠮ ᠳᠦ ᠠ᠊·ᠪᠠᠲᠤᠴᠡᠴᠡᠭ ᠰᠢᠭᠰᠢᠭᠡ ᠳ᠋ᠦ ᠰᠢᠯᠭᠠᠷᠠᠵᠤ ᠂ 50 ᠺᠢᠯᠦᠭᠷᠡᠮ ᠳᠦ ᠪ᠊·ᠮᠥᠩᠬᠡᠨᠠᠷᠠ ᠂ 68 ᠺᠢᠯᠦᠭᠷᠡᠮ ᠳᠦ ᠡ᠊·ᠳᠡᠯᠭᠡᠷᠮ᠎ᠠ ᠂ 76 ᠺᠢᠯᠦᠭᠷᠡᠮ ᠳᠦ ᠭ᠊·ᠠᠷᠢᠭᠤᠨᠵᠢᠷᠭᠠᠯ ᠨᠠᠷ ᠬᠦᠷᠡᠯ ᠮᠸᠳᠠᠯ ᠤᠨ ᠲᠥᠯᠦᠭᠡ ᠬᠦᠴᠦ ᠦᠵᠡᠬᠦ ᠪᠡᠷ ᠪᠣᠯᠪᠠ ᠃