︽ ᠬᠦᠬᠦᠭᠡ ︾ ᠺᠢᠨᠣ᠋ ᠨᠢ ᠵᠤᠬᠢᠶᠠᠭᠴᠢ ᠵᠢᠨ ᠡ‍ᠷᠬᠡ ᠵᠢᠨ ᠵᠥᠷᠢᠴᠡᠯ ᠲᠠᠢ ᠦᠦ | News.MN

 ︽ ᠬᠦᠬᠦᠭᠡ ︾ ᠺᠢᠨᠣ᠋ ᠨᠢ ᠵᠤᠬᠢᠶᠠᠭᠴᠢ ᠵᠢᠨ ᠡ‍ᠷᠬᠡ ᠵᠢᠨ ᠵᠥᠷᠢᠴᠡᠯ ᠲᠠᠢ ᠦᠦ

ᠨᠠᠢᠢᠷᠠᠭᠤᠯᠤᠭᠴᠢ ᠵ᠊ ·ᠵᠠᠮᠢᠶᠠᠨᠰᠦ᠋ᠷᠤᠩ ᠤᠨ ᠬᠤᠶᠠᠳᠠᠭᠢ ᠪᠦᠷᠢᠨ ᠬᠡᠮᠵᠢᠶᠡᠨ ᠪ ᠤᠷᠠᠨ ᠪᠦᠲᠦᠭᠡᠯ

︽ᠬᠦᠬᠦᠭᠡ︾ ᠤᠷᠠᠨ ᠰᠠᠢᠢᠬᠠᠨ ᠪ ᠺᠢᠨᠣ᠋ ᠵᠢ ᠣᠯᠠᠨ ᠤᠯᠤᠰ ᠤᠨ ᠨᠠᠭᠠᠳᠤᠮ  ᠳᠤ ︽ᠰᠤᠢᠢᠬᠤ︾ ᠭᠡᠵᠦ ᠪᠤᠢ ᠮᠡᠳᠡᠭᠡ ᠥᠩᠭᠡᠷᠡᠭᠰᠡᠨ ᠣᠨ ᠡᠴᠠ ᠳᠤᠭᠤᠯᠳᠠᠬᠤ ᠪᠣᠯᠪᠠ ᠃ ᠬᠥᠬᠥᠭᠡ ᠰᠢᠪᠠᠭᠤᠨ ᠪ ᠳᠤᠮᠤᠭ ᠡᠴᠠ ᠰᠡᠳᠦᠪᠯᠡᠭᠰᠡᠨ ᠭᠡᠬᠦ ᠲᠤᠰ ᠪᠦᠲᠦᠭᠡᠯ ᠤᠨ ᠪᠡᠯᠡᠳᠬᠡᠯ ᠠᠵᠢᠯ ᠵᠢᠷᠭᠤᠭᠠᠨ ᠰᠠᠷ᠎ᠠ ᠂ ᠵᠢᠷᠤᠭ ᠠᠪᠤᠯᠲᠠ 2018 ᠣᠨ ᠳᠤ 50 ᠬᠤᠨᠤᠭ ᠤᠨ ᠲᠤᠷᠰᠢ ᠬᠤᠪᠲᠤ ᠠᠢᠢᠮᠠᠭ ᠤᠨ ᠦᠶᠡᠨᠴᠢ ᠵᠢᠨ ᠬᠠᠪᠴᠢᠯ ᠳᠤ ᠬᠢᠭᠳᠡᠵᠦ ᠂ ᠡ‍ᠪᠯᠡᠭᠦᠯᠭᠡ ᠂ ᠫᠣᠰᠲ ᠫᠷᠤᠳᠠᠺᠱᠢᠨ ᠨᠢ ᠵᠢᠯ ᠭᠠᠷᠤᠢ ᠬᠤᠭᠤᠴᠠᠭᠠᠨ ᠳᠤ ᠣᠨ ᠳᠡᠮᠵᠢᠨ ᠦᠷᠭᠦᠯᠵᠢᠯᠡᠭᠰᠡᠨ ᠪᠠᠢᠢᠨ᠎ᠠ ᠃ ᠡ‍ᠨᠡ ᠺᠢᠨᠣ᠋ ᠮᠤᠩᠭᠤᠯ ᠤᠨ ᠦᠵᠡᠭᠴᠢᠳ ᠲᠦ 2020 ᠣᠨ ᠳᠤ ᠬᠦᠷᠦᠨ᠎ᠡ ᠃

ᠭᠡᠪᠡᠴᠦ ᠤᠭ ᠺᠢᠨᠣ᠋ ᠵᠢᠨ ᠤᠷᠢᠳᠴᠢᠯᠠᠭᠰᠠᠨ ᠦᠵᠡᠯᠭᠡ ᠵᠢᠨ ᠦᠶ᠎ᠡ ᠪᠡᠷ ᠡ‍ᠬᠢᠨ ᠪ ᠦᠵᠡᠭᠴᠢᠳ ︽  ᠬᠦᠬᠦᠭᠡ ︾ ᠺᠢᠨᠣ᠋ ᠵᠢ ᠣᠷᠤᠰ  ᠤᠨ ᠨᠡᠷᠡᠲᠦ ᠵᠤᠬᠢᠶᠠᠯᠴᠢ ᠸᠠᠯᠸᠨᠲ᠋ᠢᠨ  ᠷᠠᠰᠫᠤᠲ᠋ᠢᠨ ᠤ ︽ ᠰᠡᠭᠦᠯᠴᠢ ᠵᠢᠨ ᠠᠮᠢᠰᠬᠤᠭ᠎ᠠ ︾ ᠵᠤᠬᠢᠶᠠᠯ ᠡᠴᠠ ᠰᠡᠳᠦᠪᠯᠡᠭᠰᠡᠨ ᠡ‍ᠰᠡᠪᠡᠯ ᠰᠠᠨᠠᠭ᠎ᠠ ᠵᠢ ᠨᠢ ᠰᠢᠭᠤᠳ ᠬᠠᠭᠤᠯᠤᠭᠰᠠᠨ ᠪᠠᠢᠢᠵᠤ ᠪᠣᠯᠵᠤᠰᠢ ᠦᠭᠡᠢ ᠭᠡᠬᠦ ᠳ᠋ᠦᠩᠨᠡᠯᠲᠡ ᠬᠢᠵᠡᠢ᠃ ᠤᠭ ᠺᠢᠨᠣ᠋ ᠵᠢᠨ ᠬᠥᠷᠦᠩᠭᠡ ᠣᠷᠤᠭᠤᠯᠤᠭᠴᠢ ᠪᠠᠷ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠤᠨ ᠪ ᠢᠷᠭᠡᠨ ᠠᠵᠢᠯᠯᠠᠭᠰᠠᠨ ᠭᠡᠬᠦ ᠪᠥᠭᠡᠳ ᠤᠳᠠᠭᠠᠨ ᠬᠦᠯᠢᠶᠡᠯᠲᠡ ᠲᠠᠢ ᠪᠠᠢᠢᠭᠰᠠᠨ ᠺᠢᠨᠣ᠋ ᠨᠢ ᠵᠤᠬᠢᠶᠠᠭᠴᠢ ᠵᠢᠨ ᠡ‍ᠷᠬᠡ ᠵᠢᠨ ᠵᠥᠷᠢᠴᠡᠯ ᠲᠠᠢ ᠪᠠᠢᠢᠪᠠᠯ ᠲᠤᠩ ᠥᠨᠳᠦᠷ ᠲᠤᠷᠭᠠᠭᠤᠯᠢ ᠳᠤ ᠤᠨᠠᠬᠤ ᠨᠢ ᠲᠤᠳᠤᠷᠬᠠᠢ ᠃ ᠮᠤᠩᠭᠤᠯ ᠤᠨ ᠵᠠᠬ᠎ᠠ ᠵᠡᠭᠡᠯᠢ ᠵᠢ ᠠᠯᠭᠠᠰᠠᠵᠤ ᠰᠢᠭᠤᠳ ᠳᠡᠯᠡᠬᠡᠢ ᠳ᠋ᠦ ᠥᠷᠢᠰᠦᠯᠳᠦᠬᠦ ᠥᠨᠳᠦᠷ ᠠᠮᠪᠢᠼ ᠲᠠᠢ ᠪᠦᠲᠦᠭᠡᠭᠳᠡᠭᠰᠡᠨ  ᠺᠢᠨᠣ᠋ ᠨᠢ ᠦᠨᠡᠬᠡᠷ ᠨᠡᠷᠡᠲᠦ ᠵᠤᠬᠢᠶᠠᠯᠴᠢ ᠵᠢᠨ ᠵᠤᠬᠢᠶᠠᠯ ᠡᠴᠠ ᠰᠠᠨᠠᠭ᠎ᠠ ᠠᠪᠤᠭᠰᠠᠨ ᠂ ᠵᠤᠬᠢᠶᠠᠯᠴᠢ ᠵᠢᠨ ᠡ‍ᠷᠬᠡ ᠵᠢᠨ ᠵᠥᠷᠢᠴᠡᠯ ᠲᠠᠢ ᠪᠣᠯ ᠣᠷᠤᠰ  ᠤᠨ ᠵᠤᠬᠢᠶᠠᠭᠴᠢ ᠵᠢᠨ ᠡ‍ᠷᠬᠡ ᠵᠢᠨ ᠲᠤᠬᠠᠢ ᠬᠠᠲᠠᠭᠤ ᠬᠠᠤᠯᠢ ᠵᠢᠨ ᠬᠤᠩᠭᠢᠯ ᠵᠢᠨᠷ ᠣᠷᠤᠭᠠᠳ ᠭᠠᠷᠬᠤ ᠨᠢ ᠲᠤᠳᠤᠷᠬᠠᠢ ᠪᠣᠯᠵᠤ ᠪᠠᠢᠢᠨ᠎ᠠ ᠃

 

ᠰᠡᠳᠬᠢᠭᠳᠡᠯ ᠦᠯᠡᠳᠡᠭᠡᠬᠦ