ᠵᠡᠷᠯᠢᠭ ᠠᠮᠢᠲᠠᠳ ᠲᠤ ᠡ‍ᠪᠡᠰᠦ᠂ ᠬᠤᠵᠢᠷ ᠱᠠᠤ ᠲᠠᠯᠪᠢᠵᠤ ᠥᠭᠴᠡᠢ | News.MN

ᠵᠡᠷᠯᠢᠭ ᠠᠮᠢᠲᠠᠳ ᠲᠤ ᠡ‍ᠪᠡᠰᠦ᠂ ᠬᠤᠵᠢᠷ ᠱᠠᠤ ᠲᠠᠯᠪᠢᠵᠤ ᠥᠭᠴᠡᠢ

ᠬᠤᠪᠲᠤ ᠠᠢᠢᠮᠠᠭ ᠤᠨ ᠳᠠᠷᠪᠢ ᠰᠤᠮᠤ ᠵᠢᠨ ᠪᠠᠢᠢᠭᠠᠯᠢ ᠵᠢᠨ ᠨᠥᠭᠡᠴᠡ ᠵᠢᠨ ᠬᠠᠮᠲᠤ ᠵᠢᠨ ᠮᠧᠨᠧᠵᠮᠧᠨᠲ ᠤᠨ  ︽ᠪᠠᠶᠠᠨ ᠪᠤᠮᠪᠠᠲᠠᠢ︾  ᠨᠦᠬᠦᠷᠯᠡᠯ ᠦᠨ ᠭᠡᠰᠢᠭᠦᠳ ᠰᠠᠨᠠᠭᠠᠴᠢᠯᠠᠭ᠎ᠠ ᠭᠠᠷᠭᠠᠵᠤ ᠂ ᠵᠡᠷᠯᠢᠭ ᠠᠮᠢᠲᠠᠳ ᠢ ᠬᠠᠮᠠᠭᠠᠯᠠᠬᠤ ᠵᠤᠷᠢᠯᠭ᠎ᠠ ᠪᠡᠷ ᠠᠭᠤᠯᠠ ᠵᠢᠨ ᠬᠢᠷ᠎ᠠ ᠪᠡᠷ ᠡ‍ᠪᠡᠰᠦ ᠂ ᠬᠤᠵᠢᠷ ᠱᠠᠤ ᠲᠠᠯᠪᠢᠬᠤ ᠠᠵᠢᠯ ᠵᠤᠬᠢᠶᠠᠨ ᠪᠠᠢᠢᠭᠤᠯᠵᠠᠢ ᠃ ᠲᠤᠰ ᠨᠥᠬᠥᠷᠯᠡᠯ ᠤᠨ ᠪᠠᠢᠢᠭᠠᠯᠢ ᠣᠷᠴᠢᠨ ᠂ ᠠᠩ ᠠᠮᠢᠲᠠᠨ ᠬᠠᠮᠠᠭᠠᠯᠠᠬᠤ ᠲᠠᠪᠤᠨ ᠵᠢᠯ ᠤᠨ ᠬᠤᠭᠤᠴᠠᠭ᠎ᠠ ᠲᠠᠢ ᠮᠧᠨᠧᠵᠮᠧᠨᠲ ᠲᠥᠯᠦᠪᠯᠡᠭᠡᠨ ᠪ ᠳᠠᠭᠠᠤ ᠳᠠᠷᠪᠢ ᠰᠤᠮᠤ ᠵᠢᠨ ᠮᠥᠩᠭᠥᠨ ᠠᠶᠠᠭ᠎ᠠ ᠪᠠᠭ ᠤᠨ ᠨᠤᠲᠤᠭ ᠰᠢᠷ᠎ᠠ ᠪᠤᠯᠠᠭ ᠤᠨ ᠨᠢᠷᠤᠭᠤ᠂ ᠮᠠᠢᠢᠬᠠᠨ ᠴᠠᠬᠢᠷ ᠭᠡᠬᠦ ᠭᠠᠵᠠᠷ ᠲᠤ ᠨᠡᠢᠢᠲᠡ 20 ᠪᠣᠭᠤᠳᠠᠯ ᠡ‍ᠪᠡᠰᠦ᠂ 500 ᠺᠢᠯᠦᠭᠷᠡᠮ ᠬᠤᠵᠢᠷ ᠱᠠᠤ ᠲᠠᠯᠪᠢᠵᠠᠢ ᠃

ᠬᠤᠪᠲᠤ ᠠᠢᠢᠮᠠᠭ ᠤᠨ ᠳᠠᠷᠪᠢ ᠰᠤᠮᠤᠨ ᠳᠤ ᠪᠠᠢᠢᠭᠠᠯᠢ ᠵᠢᠨ ᠨᠥᠭᠡᠴᠡ ᠵᠢᠨ ᠬᠠᠮᠲᠤ ᠵᠢᠨ ᠮᠧᠨᠧᠵᠮᠧᠨᠲ ᠤᠨ ᠳᠥᠷᠪᠡᠨ ᠨᠥᠬᠥᠷᠯᠡᠯ ᠦᠢᠯᠡ ᠠᠵᠢᠯᠯᠠᠭ᠎ᠠ ᠶᠠᠪᠤᠭᠤᠯᠳᠠᠭ ᠃ ᠡ‍ᠭᠦᠨ ᠡ‍ᠴᠡ ︽ᠪᠠᠶᠠᠨ ᠪᠤᠮᠪᠠᠲᠠᠢ︾ ᠨᠥᠬᠥᠷᠯᠡᠯ ᠨᠢ 24 ᠮᠠᠯᠴᠢᠨ ᠡ‍ᠷᠦᠬᠡ ᠵᠢᠨ 78 ᠭᠡᠰᠢᠭᠦᠨ ᠲᠠᠢ ᠃

ᠰᠡᠳᠬᠢᠭᠳᠡᠯ ᠦᠯᠡᠳᠡᠭᠡᠬᠦ