ᠭ᠊·ᠽᠠᠨᠳᠠᠨᠰᠢᠲᠠᠷ᠎ᠠ ᠠᠮᠧᠷᠢᠺᠠ  ᠳᠤ ᠠᠢᠢᠯᠴᠢᠯᠠᠨ᠎ᠠ | News.MN

ᠭ᠊·ᠽᠠᠨᠳᠠᠨᠰᠢᠲᠠᠷ᠎ᠠ ᠠᠮᠧᠷᠢᠺᠠ  ᠳᠤ ᠠᠢᠢᠯᠴᠢᠯᠠᠨ᠎ᠠ

 

ᠤᠯᠤᠰ ᠤᠨ ᠶᠡᠬᠡ ᠬᠤᠷᠠᠯ ᠤᠨ ᠳᠠᠷᠤᠭ᠎ᠠ ᠭ᠊·ᠽᠠᠨᠳᠠᠨᠰᠢᠲᠠᠷ᠎ᠠ ᠭᠤᠷᠪᠠᠳᠤᠭᠠᠷ ᠰᠠᠷ᠎ᠠ ᠵᠢᠨ 10 – 11 ᠪ ᠬᠤᠭᠤᠷᠤᠨᠳᠤ ᠠᠮᠧᠷᠢᠺᠠ  ᠳᠤ ᠠᠢᠢᠯᠴᠢᠯᠠᠬᠤ ᠭᠡᠵᠦ ᠪᠠᠢᠢᠨ᠎ᠠ ᠃ ᠠᠢᠢᠯᠴᠢᠯᠠᠯ ᠢᠶᠠᠷ  ︽ᠮᠤᠩᠭᠤᠯ ᠠᠮᠸᠷᠢᠺᠠ ᠵᠢᠨ ᠰᠲ᠋ᠷᠠᠲ᠋ᠸᠬᠢ ᠵᠢᠨ ᠲᠦᠩᠰᠢᠯᠡᠯ ᠢ ᠪᠡᠬᠢᠵᠢᠭᠦᠯᠬᠦ ᠲᠤᠬᠠᠢ︾ ᠤᠯᠤᠰ ᠤᠨ ᠶᠡᠬᠡ ᠬᠤᠷᠠᠯ ᠤᠨ ᠲᠤᠭᠲᠠᠭᠠᠯ ᠢ ᠪᠠᠲᠤᠯᠠᠭᠤᠯᠬᠤ ᠠᠰᠠᠭᠤᠳᠠᠯ ᠢ ᠭᠠᠳᠠᠭᠠᠳᠤ ᠬᠠᠷᠢᠯᠴᠠᠭᠠᠨ ᠪ ᠰᠠᠢᠢᠳ ᠳ᠋᠊·ᠴᠤᠭᠲᠤᠪᠠᠭᠠᠲᠤᠷ ᠠᠶᠤᠯᠭᠦᠢ ᠪᠠᠢᠢᠳᠠᠯ ᠂ ᠭᠠᠳᠠᠭᠠᠳᠤ ᠪᠣᠳᠤᠯᠭ᠎ᠠ ᠵᠢᠨ ᠪᠠᠢᠢᠩᠭᠤ ᠵᠢᠨ ᠬᠤᠷᠢᠶᠠᠨ ᠪ ᠥᠴᠦᠭᠡᠳᠦᠷ ᠤᠨ ᠬᠤᠷᠠᠯᠳᠤᠭᠠᠨ ᠳᠤ ᠲᠠᠨᠢᠯᠴᠠᠭᠤᠯᠤᠯ᠎ᠠ᠃ ᠲᠡᠷᠡ ᠪᠡᠷ᠄ ᠮᠠᠨ ᠪ ᠬᠤᠶᠠᠷ ᠤᠯᠤᠰ ᠨᠠᠢᠢᠷᠰᠠᠭ ᠬᠠᠷᠢᠯᠴᠠᠭ᠎ᠠ᠂ ᠬᠠᠮᠲᠤ ᠵᠢᠨ ᠠᠵᠢᠯᠯᠠᠭᠠᠨ ᠪ ᠴᠢᠭᠯᠡᠯ ᠵᠢᠨᠷ 1998 ᠣᠨ ᠳᠤ ᠲᠤᠭᠲᠠᠭᠠᠯ ᠪᠠᠲᠤᠯᠠᠵᠤ ᠪᠠᠢᠢᠭᠰᠠᠨ᠃ ᠤᠭ ᠲᠤᠭᠲᠠᠭᠠᠯ ᠢ ᠥᠨᠦᠳᠦᠷ ᠤᠨ ᠨᠥᠬᠥᠴᠡᠯ ᠪᠠᠢᠢᠳᠠᠯ ᠲᠠᠢ ᠤᠶᠠᠯᠳᠤᠭᠤᠯᠤᠨ  ᠰᠢᠨᠡᠴᠢᠯᠡᠭᠡᠳ ᠂ ᠤᠯᠤᠰ ᠤᠨ ᠶᠡᠬᠡ ᠬᠤᠷᠠᠯ ᠤᠨ ᠳᠠᠷᠤᠭ᠎ᠠ ᠵᠢᠨ ᠠᠢᠢᠯᠴᠢᠯᠠᠯ ᠤᠨ ᠡ‍ᠮᠦᠨ᠎ᠡ ᠪᠠᠲᠤᠯᠠᠬᠤ ᠨᠢ ᠨᠥᠬᠥᠷᠰᠡᠭ ᠂ ᠳᠤᠲᠤᠨᠣ ᠠᠭᠤᠷ ᠠᠮᠢᠰᠬᠤᠯ  ᠪᠦᠷᠢᠳᠦᠭᠦᠯᠬᠦ ᠡᠴᠡ ᠭᠠᠳᠠᠨ᠎ᠠ ᠠᠮᠧᠷᠢᠺᠠ ᠵᠢᠨ ᠺᠣᠩᠭᠷᠸᠰ ᠤᠨ ᠭᠤᠷᠪᠠᠳᠠᠭᠴᠢ ᠬᠥᠷᠰᠢ ᠵᠢᠨ ᠬᠤᠳᠠᠯᠳᠤᠭ᠎ᠠ ᠵᠢ ᠳᠡᠮᠵᠢᠬᠦ ᠲᠤᠬᠠᠢ ᠬᠠᠤᠯᠢ ᠵᠢᠨ ᠲᠥᠰᠦᠯ ᠢ ᠳᠡᠮᠵᠢᠭᠴᠢ ᠭᠡᠰᠢᠭᠦᠳ ᠤᠨ ᠲᠤᠭ᠎ᠠ ᠵᠢ ᠨᠡᠮᠡᠭᠳᠡᠭᠦᠯᠵᠦ ᠂ ᠪᠠᠲᠤᠯᠠᠭᠤᠯᠬᠤ ᠳᠤ ᠴᠢᠬᠤᠯᠠ ᠲᠦᠯᠬᠢᠴᠡ ᠪᠣᠯᠤᠨ᠎ᠠ ᠭᠡᠵᠦ ᠦᠵᠡᠵᠦ ᠪᠠᠢᠢᠨ᠎ᠠ ᠭᠡᠪᠡ᠃

ᠪᠠᠢᠢᠩᠭᠤ ᠵᠢᠨ ᠬᠤᠷᠢᠶᠠᠨ ᠪ ᠭᠡᠰᠢᠭᠦᠳ ᠤᠨ ᠣᠯᠠᠩᠬᠢ ᠮᠤᠩᠭᠤᠯ ᠠᠮᠸᠷᠢᠺᠠ ᠵᠢᠨ ᠰᠲ᠋ᠷᠠᠲ᠋ᠸᠬᠢ ᠵᠢᠨ ᠲᠦᠩᠰᠢᠯᠡᠯ ᠢ ᠪᠡᠬᠢᠵᠢᠭᠦᠯᠬᠦ ᠲᠤᠬᠠᠢ ᠤᠯᠤᠰ ᠤᠨ ᠶᠡᠬᠡ ᠬᠤᠷᠠᠯ ᠤᠨ ᠲᠤᠭᠲᠠᠭᠠᠯ ᠤᠨ ᠲᠥᠰᠦᠯ ᠢ ᠴᠢᠭᠤᠯᠭᠠᠨ ᠪ ᠨᠢᠭᠡᠳᠦᠭᠰᠡᠨ ᠬᠤᠷᠠᠯᠳᠤᠭᠠᠨ ᠵᠢᠨᠷ ᠬᠡᠯᠡᠯᠴᠡᠬᠦ ᠨᠢ ᠵᠦᠢ ᠲᠠᠢ ᠭᠡᠵᠦ ᠦᠵᠡᠯ᠎ᠡ᠃ ᠳ᠋᠊·ᠴᠤᠭᠲᠤᠪᠠᠭᠠᠲᠤᠷ ᠳᠡᠭᠡᠷᠡᠬᠢ ᠲᠤᠭᠲᠠᠭᠠᠯ ᠤᠨ ᠲᠥᠰᠦᠯ ᠢ ᠬᠠᠪᠤᠷ ᠤᠨ ᠴᠢᠭᠤᠯᠭᠠᠨ ᠡ‍ᠬᠢᠯᠡᠬᠦ ᠡ‍ᠴᠡ ᠡ‍ᠮᠦᠨ᠎ᠡ ᠪᠤᠶᠤ ᠤᠯᠤᠰ ᠤᠨ ᠶᠡᠬᠡ ᠬᠤᠷᠠᠯ ᠤᠨ ᠳᠠᠷᠤᠭ᠎ᠠ ᠵᠢᠨ ᠠᠢᠢᠯᠴᠢᠯᠠᠯ ᠤᠨ ᠡ‍ᠮᠦᠨ᠎ᠡ ᠪᠠᠲᠤᠯᠠᠵᠤ ᠥᠭᠬᠦ ᠵᠢ ᠬᠦᠰᠡᠭᠰᠡᠨ᠃ ᠲᠡᠢᠢᠮᠦ ᠡ‍ᠴᠡ ᠭᠤᠷᠪᠠᠳᠤᠭᠠᠷ ᠰᠠᠷ᠎ᠠ ᠵᠢᠨ 10᠎ ᠡᠴᠠ ᠡ‍ᠮᠦᠨ᠎ᠡ ᠡ‍ᠭᠡᠯᠵᠢᠲᠦ ᠪᠤᠰᠤ ᠴᠢᠭᠤᠯᠭᠠᠨ ᠵᠠᠷᠯᠠᠨ ᠬᠤᠷᠠᠯᠳᠤᠭᠤᠯᠵᠤ ᠂ ᠲᠤᠭᠲᠠᠭᠠᠯ ᠤᠨ ᠲᠥᠰᠦᠯ ᠢ ᠪᠠᠲᠤᠯᠠᠬᠤ ᠨᠢ ᠃

 

ᠰᠡᠳᠬᠢᠭᠳᠡᠯ ᠦᠯᠡᠳᠡᠭᠡᠬᠦ