︽ᠬᠥᠬᠡ ᠰᠤᠪᠤᠳ – 2020︾ ᠮᠥᠰᠦᠨ ᠪ ᠪᠠᠶᠠᠷ ᠢ ᠠᠯᠪᠠᠨ ᠶᠤᠰᠣ ᠪᠡᠷ ᠴᠤᠴᠠᠯᠠᠵᠠᠢ | News.MN

 ︽ᠬᠥᠬᠡ ᠰᠤᠪᠤᠳ – 2020︾ ᠮᠥᠰᠦᠨ ᠪ ᠪᠠᠶᠠᠷ ᠢ ᠠᠯᠪᠠᠨ ᠶᠤᠰᠣ ᠪᠡᠷ ᠴᠤᠴᠠᠯᠠᠵᠠᠢ

ᠬᠥᠪᠰᠦᠬᠥᠯ ᠠᠢᠢᠮᠠᠭ ᠤᠨ ᠣᠨᠴᠠᠭᠠᠢ ᠺᠣᠮᠢᠰ ᠤᠨ ᠬᠤᠷᠠᠯᠳᠤᠭᠠᠨ ᠵᠢᠨᠷ ᠡ‍ᠪᠦᠯ ᠤᠨ ᠠᠶᠠᠯᠠᠯ ᠵᠢᠭᠤᠯᠴᠢᠯᠠᠯ ᠢ ᠬᠥᠭᠵᠢᠭᠦᠯᠬᠦ ᠵᠤᠷᠢᠯᠭ᠎ᠠ ᠪᠡᠷ ᠵᠢᠯ ᠪᠦᠷᠢ ᠤᠯᠠᠮᠵᠢᠯᠠᠯ ᠪᠣᠯᠭᠠᠨ ᠵᠤᠬᠢᠶᠠᠨ ᠪᠠᠢᠢᠭᠤᠯᠳᠠᠭ ᠮᠥᠰᠦᠨ ᠪ ᠪᠠᠶᠠᠷ ᠢ ᠰᠢᠨ᠎ᠡ ᠺᠣᠷᠤᠨᠠ ᠸᠢᠷᠦ᠋ᠰ ᠦᠨ ᠬᠠᠯᠳᠠᠪᠤᠷᠢ ᠡᠴᠠ ᠤᠷᠢᠳᠴᠢᠯᠠᠨ ᠰᠡᠷᠭᠡᠢᠢᠯᠡᠬᠦ ᠵᠤᠷᠢᠯᠭ᠎ᠠ ᠪᠡᠷ ᠴᠤᠴᠠᠯᠠᠬᠤ ᠰᠠᠨᠠᠯ ᠢ ᠪᠠᠢᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠶᠠᠮᠤᠨ ᠳᠤ ᠬᠦᠷᠭᠡᠭᠦᠯᠦᠭᠰᠡᠨ ᠃

ᠺᠤᠷᠤᠨᠠ ᠸᠢᠷᠦ᠋ᠰ ᠦᠨ ᠡ‍ᠷᠡᠰᠳᠡᠯ ᠢ ᠪᠠᠭᠤᠷᠠᠭᠤᠯᠬᠤ ᠵᠤᠷᠢᠯᠭ᠎ᠠ ᠪᠡᠷ ᠪᠡᠯᠡᠨ ᠪᠠᠢᠢᠳᠠᠯ ᠤᠨ ᠵᠡᠷᠭᠡ ᠳ᠋ᠦ ᠰᠢᠯᠵᠢᠭᠦᠯᠬᠦ ᠲᠤᠬᠠᠢ ᠵᠠᠰᠠᠭ ᠤᠨ ᠭᠠᠵᠠᠷ ᠤᠨ ᠲᠤᠭᠲᠠᠭᠠᠯ ᠢ ᠦᠨᠳᠦᠰᠦᠯᠡᠨ ᠪᠠᠢᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠶᠠᠮᠤᠨ ᠡᠴᠠ ᠮᠥᠰᠦᠨ ᠪ ᠪᠠᠶᠠᠷ ᠢ ᠴᠤᠴᠠᠯᠠᠬᠤ ᠨᠢ ᠵᠦᠢᠲᠡᠢ ᠭᠡᠵᠦ ᠦᠵᠡᠭᠰᠡᠨ ᠪᠠᠢᠢᠨ᠎ᠠ ᠃ ᠡ‍ᠷᠬᠡ ᠪᠦᠬᠦᠢ ᠪᠠᠢᠢᠭᠤᠯᠭ᠎ᠠ ᠵᠢᠨ ᠰᠢᠢᠳᠪᠦᠷᠢ ᠪᠡᠷ ︽ᠬᠥᠬᠡ ᠰᠤᠪᠤᠳ – 2020︾ ᠮᠥᠰᠦᠨ ᠪ ᠪᠠᠶᠠᠷ ᠤᠨ ᠵᠤᠬᠢᠶᠠᠨ ᠪᠠᠢᠢᠭᠤᠯᠬᠤ ᠲᠤᠪ ᠢ ᠠᠯᠪᠠᠨ ᠶᠤᠰᠣ ᠪᠡᠷ ᠴᠤᠴᠠᠯᠠᠯ᠎ᠠ ᠃ ᠮᠥᠰᠦᠨ ᠪ ᠪᠠᠶᠠᠷ ᠰᠡᠭᠦᠯ ᠤᠨ ᠵᠢᠯ  ᠤᠳ ᠲᠦ ᠥᠷᠭᠡᠵᠢᠨ ᠲᠡᠯᠡᠵᠦ ᠭᠠᠳᠠᠭᠠᠳᠤ ᠳᠤᠲᠤᠭᠠᠳᠤ ᠵᠢᠨ 15 – 20 ᠮᠢᠩᠭᠠᠨ ᠵᠢᠭᠤᠯᠴᠢᠨ ᠢᠷᠡᠳᠡᠭ ᠣᠯᠠᠨ ᠤᠯᠤᠰ ᠤᠨ ᠲᠤᠮᠤᠬᠠᠨ ᠠᠶᠠᠯᠠᠯ ᠵᠢᠭᠤᠯᠴᠢᠯᠠᠯ ᠤᠨ ᠦᠢᠯᠡ ᠠᠵᠢᠯᠯᠠᠭ᠎ᠠ ᠪᠣᠯᠤᠭᠰᠠᠨ ᠶᠤᠮ ᠃

ᠰᠡᠳᠬᠢᠭᠳᠡᠯ ᠦᠯᠡᠳᠡᠭᠡᠬᠦ